Paper Information


Title ᠮᠣᠩᠭ᠋ᠤᠯ ᠵᠠᠯᠠᠭᠤᠴᠤᠳ ᠤᠨ ᠵᠠᠩᠭᠢᠶᠠᠰᠤᠲᠤ ᠨᠠᠮ ᠤᠨ ᠲᠣᠬᠠᠢ
Creator ᠡᠷᠳᠡᠨᠢᠪᠠᠶᠠᠷ
Keyword ᠲᠡᠯᠭᠡᠷᠴᠤᠭᠲᠤ;ᠶᠠᠫᠤᠨ ᠤ ᠦᠪᠦᠷ ᠮᠣᠩᠭ᠋ᠤᠯ ᠳ᠋ᠤ ᠬᠢ ᠲᠦᠷᠢᠮᠡᠬᠡᠢᠢᠯᠡᠯ; ᠮᠣᠩᠭ᠋ᠤᠯ ᠵᠢᠠᠯᠠᠭᠤᠴᠤᠳ ᠤᠨ ᠵᠠᠩᠭᠢᠶᠠᠰᠤᠲᠤ ᠨᠠᠮ
Abstract ᠲᠤᠰ ᠦᠭᠦᠯᠡᠯ ᠳᠤ ᠶᠠᠫᠤᠨ ᠤ ᠲᠦᠷᠢᠮᠡᠬᠡᠢᠢᠯᠡᠯ ᠢ ᠡᠰᠡᠷᠭᠦᠴᠡᠬᠦ ᠵᠣᠷᠢᠯᠭ᠋ ᠠ ᠪᠡᠷ 1938ᠣᠨ ᠳᠤ ᠲᠡᠯᠭᠡᠷᠡᠴᠣᠭᠲᠤ ᠶᠢᠨ ᠡᠭᠦᠰᠭᠡᠨ ᠪᠠᠢᠢᠭᠤᠯᠤᠭᠰᠠᠨ ᠮᠣᠩᠭ᠋ᠤᠯ ᠵᠠᠯᠠᠭᠤᠴᠤᠳ ᠤᠨ ᠵᠠᠩᠬᠢᠶᠠᠰᠤᠲᠤ ᠨᠠᠮ ᠤᠨ ᠦᠢᠯᠡ ᠠᠵᠢᠯᠯᠠᠬ᠋ ᠠ ᠵᠢ ᠰᠢᠨᠵᠢᠯᠡᠪᠡ᠃ ᠮᠣᠩᠭ᠋ᠤᠯ ᠵᠠᠯᠠᠭᠤᠴᠤᠳ ᠤᠨ ᠵᠠᠩᠬᠢᠶᠠᠰᠤᠲᠤ ᠨᠠᠮ ᠤᠨ ᠬᠦᠳᠡᠯᠭᠡᠭᠡᠨ ᠨᠢ ᠶᠠᠫᠤᠨ ᠤ ᠲᠦᠷᠢᠮᠡᠬᠡᠢᠢᠯᠡᠯ ᠤᠨ ᠦᠶ ᠡ ᠳ᠋ᠤ ᠲᠡᠳᠡᠨ ᠤ ᠺᠣᠨᠣᠨᠢᠴᠢᠯᠠᠯ ᠡᠴᠡ ᠮᠣᠯᠳᠤᠷᠠᠵᠤ᠂ ᠡᠷᠬᠡ ᠴᠢᠯᠦᠭᠡ ᠪᠠᠨ ᠣᠯᠬᠤ ᠶᠢᠨ ᠲᠦᠯᠦᠭᠡ ᠲᠡᠮᠡᠴᠡᠭᠰᠡᠨ ᠴᠣᠷ ᠤᠨ ᠭᠠᠭᠴᠠ ᠮᠣᠩᠭ᠋ᠤᠯ ᠦᠨᠳᠦᠰᠦᠲᠡᠨ ᠤ ᠵᠣᠬᠢᠶᠠᠨ ᠪᠢᠢᠭᠤᠯᠤᠯᠲᠠ ᠭᠡᠳᠡᠭ ᠤᠳᠬ ᠠ ᠪᠡᠷ ᠵᠢᠡᠨ ᠦᠪᠦᠷ ᠮᠣᠩᠭ᠋ᠤᠯ ᠤᠨ ᠤᠢᠢᠷ ᠡ ᠦᠶ ᠡ ᠶᠢᠨ ᠲᠡᠦᠭᠡᠨ ᠳ᠋ᠤ ᠦᠪᠡᠷ ᠤᠨ ᠭᠡᠰᠡᠨ ᠣᠷᠤᠨ ᠪᠠᠢᠢᠷᠢ ᠪᠠᠨ ᠣᠯᠬᠤ ᠨᠢ ᠵᠦᠢ ᠪᠢᠯᠡ᠃ ᠵᠢᠠᠩᠬᠢᠶᠠᠰᠤᠲᠤ ᠨᠠᠮ ᠪᠠᠢᠢᠭᠤᠯᠤᠭᠳᠠᠭᠰᠠᠨ ᠡᠴᠡ ᠪᠠᠨ ᠠᠪᠤᠭᠠᠳ ᠭᠤᠷᠪᠠᠨ ᠵᠢᠯ ᠰᠢᠬᠠᠮ ᠨᠢᠭᠤᠴᠠ ᠠᠵᠢᠯᠯᠠᠭ᠋ ᠠ ᠬᠢᠵᠦ ᠪᠠᠢᠢᠭᠠᠳ ᠶᠠᠫᠤᠨ ᠤ ᠲᠦᠷᠢᠮᠡᠬᠡᠢᠢᠯᠠᠯ ᠳ᠋ᠤ ᠤᠴᠠᠷᠠᠭᠰᠠᠨ ᠪᠢᠯᠡ᠃ ᠰᠣᠳᠤᠯᠭᠠᠨ ᠳᠤ ᠬᠡᠷᠡᠭᠯᠡᠭᠳᠡᠬᠦ ᠲᠡᠦᠬᠡ ᠶᠢᠨ ᠮᠠᠲ᠋ᠧᠷᠢᠶᠠᠯ ᠤᠨ ᠣᠯᠠᠩᠬᠢ ᠨᠢ ᠶᠠᠫᠦᠨ ᠤ ᠠᠷᠬᠢᠪ ᠲᠤ ᠬᠠᠳᠠᠭᠠᠯᠠᠭᠳᠠᠵᠤ ᠪᠠᠢᠢᠭ᠋ ᠠ ᠵᠡᠷᠭᠡ ᠰᠢᠯᠲᠠᠭᠠᠨ ᠡᠴᠡ ᠪᠣᠯᠵᠤ ᠣᠳᠣ ᠪᠣᠯᠲᠠᠯ ᠠ ᠡᠨᠡ ᠲᠠᠯ ᠠ ᠪᠡᠷ ᠬᠢ ᠰᠣᠳᠤᠯᠭ᠋ ᠠ ᠲᠤᠩ ᠴᠦᠬᠡᠨ ᠪᠠᠢᠢᠬ᠋ ᠠ ᠶᠣᠮ᠃
Original Literature View Original Paper
出自 内蒙古大学学报 2014年 第1期

联系我们


内蒙古大学图书馆
呼和浩特市大学西路235号
中国·内蒙古
P: (0471) 4992561
E: huangfeilong@imu.edu.cn