Paper Information


Title ᠤᠶᠤᠲᠠᠳ ᠤᠨ ᠤᠷᠮ᠎ᠠ ᠶᠢᠨ ᠬᠠᠷᠰᠢ ᠵᠢᠴᠢ ᠲᠡᠭᠦᠨ ᠢ ᠬᠠᠪᠰᠤᠷᠤᠨ ᠵᠢᠯᠤᠭᠤᠳᠬᠤ ᠲᠤᠬᠠᠢ ᠲᠤᠷᠰᠢᠨ ᠦᠭᠦᠯᠡᠬᠦ ᠨᠢ
Creator ᠨᠤᠮᠢᠨ; ᠬᠠᠰ; ᠰᠦᠬᠡ
Keyword ᠤᠶᠤᠲᠠᠳ; ᠤᠷᠮ᠎ᠠ ᠶᠢᠨ ᠬᠠᠷᠰᠢ; ᠬᠠᠪᠰᠤᠷᠤᠨ ᠵᠢᠯᠤᠭᠤᠳᠬᠤ
Abstract ᠤᠶᠢᠷ᠎ᠠ ᠶᠢᠨ ᠵᠢᠯ ᠠᠴᠠ ᠤᠶᠤᠲᠠᠳ ᠤᠨ ᠪᠡᠶ᠎ᠡ ᠪᠡᠨ ᠬᠤᠤᠷᠯᠠᠬᠤ ᠨᠤᠷᠮ᠎ᠠ ᠵᠢᠯ ᠳᠠᠷᠠᠭᠠᠯᠠᠨ ᠦᠨᠳᠦᠷ ᠪᠠᠶᠢᠳᠠᠯ ᠳᠤ ᠤᠷᠤᠰᠢᠭᠰᠠᠭᠠᠷ ᠶᠤᠮ᠃ ᠬᠠᠮᠢᠶ᠎ᠠ ᠪᠦᠬᠦᠢ ᠰᠤᠳᠤᠯᠭᠠᠨ ᠤ ᠢᠯᠡᠷᠡᠭᠦᠯᠦᠭᠰᠡᠨ ᠢᠶᠡᠷ ᠰᠡᠳᠬᠢᠴᠡ ᠶᠢᠨ ᠬᠠᠷᠰᠢ ᠶᠢᠨ ᠳᠤᠲᠤᠷᠠᠬᠢ ᠤᠷᠮ᠎ᠠ ᠶᠢᠨ ᠬᠠᠷᠰᠢ ᠨᠢ ᠤᠶᠤᠲᠠᠳ ᠤᠨ ᠪᠡᠶ᠎ᠡ ᠪᠡᠨ ᠬᠤᠤᠷᠯᠠᠳᠠᠭ ᠤᠨ ᠭᠤᠤᠯ ᠰᠢᠯᠲᠠᠭᠠᠨ ᠪᠠᠶᠢᠵᠤ᠂ ᠴᠢᠨᠠᠭᠰᠢᠯᠠᠪᠠᠯ ᠨᠢᠭᠡ ᠪᠦᠯᠦᠭ ᠲᠤᠰᠬᠠᠢ ᠮᠡᠷᠭᠡᠵᠢᠯᠲᠡᠨ ᠲᠡᠭᠦᠨ ᠢ 《ᠵᠠᠯᠠᠭᠤ ᠨᠠᠰᠤᠨ ᠤ ᠦᠶ᠎ᠡ ᠶᠢᠨ ᠶᠠᠷᠢᠭᠠᠴᠢᠨ》ᠭᠡᠵᠦ ᠨᠡᠷᠡᠯᠡᠳᠡᠭ᠃ ᠡᠭᠦᠨ ᠦ ᠲᠤᠯᠠ ᠤᠶᠤᠲᠠᠳ ᠤᠨ ᠰᠡᠳᠬᠢᠴᠡ ᠶᠢᠨ ᠡᠷᠡᠭᠦᠯ ᠮᠡᠨᠳᠦ ᠶᠢᠨ ᠬᠦᠮᠦᠵᠢᠯ ᠳᠦ ᠤᠶᠤᠲᠠᠳ ᠤᠨ ᠤᠷᠮ᠎ᠠ ᠶᠢᠨ ᠬᠠᠷᠰᠢ ᠶᠢ ᠨᠢ ᠲᠤᠬᠢᠲᠠᠢ ᠰᠠᠶᠢᠨ ᠬᠠᠪᠰᠤᠷᠤᠨ ᠵᠢᠯᠤᠭᠤᠳᠬᠤ᠂ ᠪᠠᠶᠠᠰᠤᠩ᠋ᠭᠤᠢ ᠪᠦᠭᠡᠳ ᠳᠠᠪᠰᠢᠩ᠋ᠭᠤᠢ ᠰᠡᠳᠬᠢᠯ ᠦᠨ ᠪᠠᠶᠢᠳᠠᠯ ᠪᠤᠯᠤᠨ ᠢᠳᠡᠪᠬᠢᠲᠡᠢ ᠠᠮᠢᠳᠤᠷᠠᠯ ᠤᠨ ᠤᠪᠤᠷ ᠢᠶᠠᠨ ᠪᠠᠲᠤᠯᠠᠬᠤ ᠶᠢ ᠵᠢᠭᠠᠨ ᠵᠢᠯᠤᠭᠤᠳᠬᠤ ᠶᠠᠪᠤᠳᠠᠯ ᠨᠢ ᠵᠠᠩᠭᠢᠯᠠᠭ᠎ᠠ ᠶᠢᠨ ᠴᠢᠬᠤᠯᠠ ᠠᠵᠢᠯ ᠪᠤᠯᠤᠨ᠎ᠠ᠃ ᠲᠤᠰ ᠦᠭᠦᠯᠡᠯ ᠳᠦ ᠤᠶᠤᠲᠠᠳ ᠤᠨ ᠤᠷᠮ᠎ᠠ ᠶᠢᠨ ᠤᠨᠴᠠᠯᠢᠭ᠂ ᠤᠶᠤᠲᠠᠳ ᠤᠨ ᠤᠷᠮ᠎ᠠ ᠶᠢᠨ ᠬᠠᠷᠰᠢ ᠶᠢᠨ ᠠᠭᠤᠯᠤᠭᠳᠠᠬᠤᠨ ᠬᠢᠭᠡᠳ ᠠᠭᠤᠯᠬᠤᠨ ᠳᠤ ᠴᠢᠭᠯᠡᠭᠦᠯᠦᠨ ᠬᠢᠭᠡᠳ ᠴᠢᠭᠯᠡᠯᠲᠦ ᠴᠢᠨᠠᠷ ᠲᠠᠢ ᠪᠠᠷ ᠤᠶᠤᠲᠠᠳ ᠤᠨ ᠤᠷᠮ᠎ᠠ ᠶᠢᠨ ᠬᠠᠷᠰᠢ ᠶᠢ ᠬᠠᠪᠰᠤᠷᠤᠨ ᠵᠢᠯᠤᠭᠤᠳᠬᠤ ᠲᠤᠬᠠᠢ ᠲᠤᠷᠰᠢᠨ ᠦᠭᠦᠯᠡᠭᠰᠡᠨ ᠶᠤᠮ᠃
Original Literature View Original Paper
出自 内蒙古师范大学学报 2005年 第4期

联系我们


内蒙古大学图书馆
呼和浩特市大学西路235号
中国·内蒙古
P: (0471) 4992561
E: huangfeilong@imu.edu.cn