Title |
ᠮᠣᠩᠭᠤᠯ ᠵᠤᠬᠢᠶᠠᠯᠴᠢᠳ ᠤᠨ ᠨᠠᠮᠳᠠᠷ ᠲᠡᠦᠬᠡ ᠶᠢᠨ ᠰᠤᠳᠤᠯᠤᠯ |
Creator |
ᠳᠤᠷᠤᠨ᠋ᠠᠲ᠋ᠡᠭᠷᠢ |
Keyword |
ᠦᠪᠦᠷ ᠮᠣᠩᠭᠤᠯ ᠤᠳᠬ᠎ᠠ ᠵᠤᠬᠢᠶᠠᠯ; ᠨᠠᠮᠳᠠᠷ ᠲᠡᠦᠬᠡ; ᠰᠤᠳᠤᠯᠤᠯ |
Abstract |
ᠲᠤᠰ ᠦᠭᠦᠯᠡᠯ ᠳᠦ ᠮᠣᠩᠭᠤᠯᠴᠤᠳ ᠤᠨ ᠤᠳᠬ᠎ᠠ ᠵᠤᠬᠢᠶᠠᠯ ᠰᠤᠳᠤᠯᠤᠯ ᠤᠨ ᠦᠨᠳᠦᠰᠦᠨ ᠦᠭᠦᠯᠡᠭᠳᠡᠭᠦᠨ ᠪᠤᠯᠤᠭᠰᠠᠨ ᠨᠠᠮᠳᠠᠷ ᠲᠡᠦᠬᠡ ᠶᠢᠨ ᠰᠤᠳᠤᠯᠤᠯ ᠢ ᠰᠢᠨᠵᠢᠯᠡᠵᠡᠢ᠃ ᠮᠣᠩᠭᠤᠯ ᠤᠳᠬ᠎ᠠ ᠵᠤᠬᠢᠶᠠᠯ ᠰᠤᠳᠤᠯᠤᠯ ᠳᠤ ᠲᠤᠯᠭ᠋ᠠᠷᠠᠭᠰᠠᠨ ᠴᠢᠬᠤᠯᠠ ᠨᠢᠭᠡ ᠠᠰᠠᠭ᠋ᠤᠳᠠᠯ ᠭᠡᠪᠡᠯ ᠲᠡᠦᠬᠡᠨ ᠰᠠᠯᠬᠢ ᠪᠤᠷᠤᠭ᠋ᠠᠨ ᠳᠤᠮᠳᠠ ᠵᠠᠮᠬᠠᠷᠠᠨ ᠠᠷᠢᠯᠵᠤ ᠪᠦᠬᠦᠢ ᠡᠪᠦᠭᠡ ᠳᠡᠭᠡᠳᠦᠰ ᠦᠨ ᠤᠶᠤᠨ ᠤ ᠬᠦᠷᠦᠩᠭᠡ ᠪᠡᠨ ᠡᠷᠢᠨ ᠴᠤᠭᠯᠠᠭ᠋ᠤᠯᠵᠤ᠂ ᠲᠡᠭᠦᠨ ᠦ ᠠᠮᠢᠯᠠᠯ ᠤᠨ ᠴᠤᠭ ᠢ ᠲᠤᠯᠠᠯᠵᠠᠭ᠋ᠤᠯᠤᠨ ᠠᠰᠠᠭ᠋ᠠᠬᠤ ᠶᠠᠪᠤᠳᠠᠯ ᠪᠤᠯᠤᠨ᠎ᠠ᠃ ᠢᠩᠭᠢᠭᠡᠳ ᠴᠤᠭᠯᠠᠭ᠋ᠤᠯᠭᠠ᠂ ᠲᠠᠨ᠋ᠢᠯᠴᠠᠭ᠋ᠤᠯᠭᠠ᠂ ᠰᠤᠳᠤᠯᠭ᠎ᠠ ᠤᠶᠠᠯᠳᠤᠭᠰᠠᠨ ᠨᠠᠮᠳᠠᠷ ᠲᠡᠦᠬᠡ ᠶᠢᠨ ᠰᠤᠳᠤᠯᠤᠯ ᠨᠢ ᠦᠪᠦᠷ ᠮᠣᠩᠭᠤᠯ ᠤᠳᠬ᠎ᠠ ᠵᠤᠬᠢᠶᠠᠯ ᠳᠤ ᠲᠤᠭ᠋ᠤᠰᠢ ᠦᠷᠭᠦᠯᠵᠢᠯᠡᠵᠦ᠂ ᠦᠩᠭᠡᠷᠡᠭᠴᠢ ᠲᠡᠦᠬᠡᠨ ᠡᠴᠡ ᠮᠠᠰᠢ ᠣᠯᠠᠨ ᠰᠤᠩᠭ᠋ᠤᠳᠠᠭ ᠵᠤᠬᠢᠶᠠᠯᠴᠢ ᠶᠢ ᠢᠯᠡᠷᠡᠭᠦᠯᠦᠨ᠂ ᠲᠡᠭᠦᠨ ᠦ ᠲᠡᠦᠬᠡᠨ ᠪᠠᠶᠢᠷᠢ ᠰᠠᠭ᠋ᠤᠷᠢ᠂ ᠨᠦᠯᠦᠭᠡ ᠳᠤᠰᠬᠠᠯ᠂ ᠦᠨ᠎ᠡ ᠴᠠᠨ᠎ᠠ ᠶᠢ ᠨᠢ ᠮᠠᠭ᠋ᠠᠳᠯᠠᠨ ᠦᠭᠭᠦᠭᠰᠡᠨ ᠪᠠᠢᠨ᠎ᠠ᠃ |
Original Literature |
No Original Paper
|
出自 |
内蒙古民族大学学报(社会科学)
2001年
第4期
|