Paper Information


Title ᠣᠪᠠᠳᠢᠰ ᠤᠨ ᠬᠦᠷᠬᠦᠮ —13᠋ ᠪᠠᠷ ᠬᠠᠷ᠎ᠠ ᠶᠠᠮ᠎ᠠ ᠡᠪᠡᠳᠴᠢᠨ ᠢ ᠡᠮᠨᠡᠨ ᠵᠠᠰᠠᠭᠰᠠᠨ ᠡᠮᠴᠢᠯᠡᠭᠡᠨ ᠦ ᠰᠤᠳᠤᠯᠭ᠎ᠠ
Creator ᠪᠦᠷᠢᠨᠲᠡᠭᠦᠰ; ᠪᠠᠢ ᠱᠢ ᠯᠧᠢ
Keyword ᠣᠪᠠᠳᠢᠰ ᠤᠨ ᠬᠦᠷᠬᠦᠮ —13; ᠬᠠᠷ᠎ᠠ ᠶᠠᠮ᠎ᠠ ᠡᠪᠡᠳᠴᠢᠨ; ᠡᠮᠴᠢᠯᠡᠭᠡᠨ ᠦ ᠰᠤᠳᠤᠯᠭ᠎ᠠ
Abstract ᠣᠪᠠᠳᠢᠰ ᠤᠨ ᠬᠦᠷᠬᠦᠮ —13 ᠪᠠᠷ ᠬᠠᠷ᠎ᠠ ᠶᠠᠮ᠎ᠠ ᠡᠪᠡᠳᠴᠢᠨ ᠢ ᠡᠮᠨᠡᠨ ᠵᠠᠰᠠᠭᠰᠠᠨ ᠡᠮᠴᠢᠯᠡᠭᠡᠨ ᠦ ᠰᠤᠳᠤᠯᠭ᠎ᠠ ᠪᠠᠷ ᠳᠠᠮᠵᠢᠨ ᠣᠪᠠᠳᠢᠰ ᠤᠨ ᠬᠦᠷᠬᠦᠮ —13᠋ ᠶᠢᠨ ᠡᠮᠴᠢᠯᠡᠭᠡᠨ ᠦ ᠠᠴᠢ ᠲᠤᠰᠠ ᠶᠢ ᠠᠵᠢᠭᠯᠠᠬᠤ ᠪᠠ ᠨᠤᠲᠠᠯᠠᠨ᠎ᠠ᠃ ᠠᠷᠭ᠎ᠠ᠄ 80 ᠵᠢᠱᠢᠶ᠎ᠡ ᠬᠠᠷ᠎ᠠ ᠶᠠᠮ᠎ᠠ ᠡᠪᠡᠳᠴᠢᠲᠡᠨ ᠢ ᠲᠠᠰᠢᠷᠠᠮ ᠰᠠᠴᠠᠭᠤ ᠪᠠᠷ ᠲᠤᠷᠰᠢᠭᠴᠢ ᠳᠤᠭᠤᠢ᠌ᠯᠠᠩ ᠪᠤᠯᠤᠨ ᠬᠠᠷᠢᠴᠠᠭᠤᠯᠤᠭᠴᠢ ᠳᠤᠭᠤᠢ᠌ᠯᠠᠩ ᠪᠤᠯᠭᠠᠨ ᠬᠤᠪᠢᠶᠠᠵᠤ᠂ ᠳᠤᠭᠤᠢ᠌ᠯᠠᠩ ᠪᠦᠷᠢ 40 ᠵᠢᠱᠢᠶ᠎ᠡ ᠡᠪᠡᠳᠴᠢᠲᠡᠨ᠂ ᠲᠤᠷᠰᠢᠭᠴᠢ ᠳᠤᠭᠤᠢ᠌ᠯᠠᠩ ᠳᠤ ᠣᠪᠠᠳᠢᠰ ᠤᠨ ᠬᠦᠷᠬᠦᠮ —13᠋ ᠶᠢ ᠦᠭᠴᠦ᠂ ᠬᠠᠷᠢᠴᠠᠭᠤᠯᠤᠭᠴᠢ ᠳᠤᠭᠤᠢ᠌ᠯᠠᠩ ᠳᠤ ᠰᠢ ᠪᠢ ᠯᠢᠩ ᠬᠤᠮᠵᠢᠶ᠎ᠠ ᠡᠮ ᠢ ᠦᠭᠴᠦ ᠡᠮᠨᠡᠨ ᠵᠠᠰᠠᠭᠰᠠᠨ ᠪᠠᠢ᠌ᠨ᠎ᠠ᠃ 14 ᠡᠳᠦᠷ ᠢᠶᠡᠷ ᠨᠢᠭᠡ ᠡᠮᠴᠢᠯᠡᠭᠡᠨ ᠦ ᠬᠤᠭᠤᠴᠠᠭ᠎ᠠ ᠪᠤᠯᠭᠠᠵᠤ᠂ ᠬᠤᠶᠠᠷ ᠡᠮᠴᠢᠯᠡᠭᠡᠨ ᠦ ᠬᠤᠭᠤᠴᠠᠭ᠎ᠠ ᠡᠮ ᠬᠡᠷᠡᠭᠯᠡᠵᠦ᠂ ᠲᠤᠯᠤᠭᠠᠢ ᠡᠪᠡᠳᠬᠦ ᠵᠡᠷᠭᠡ ᠰᠢᠨᠵᠢ ᠲᠡᠮᠳᠡᠭ ᠦᠨ ᠰᠠᠢ᠌ᠵᠢᠷᠠᠯᠲᠠ ᠪᠠᠷ ᠡᠮᠴᠢᠯᠡᠭᠡᠨ ᠦ ᠠᠴᠢ ᠲᠤᠰᠠ ᠶᠢ ᠠᠵᠢᠭᠯᠠᠪᠠ᠃ ᠦᠷ᠎ᠡ ᠳ᠋ᠦᠩ᠄ ᠲᠤᠷᠰᠢᠭᠴᠢ ᠳᠤᠭᠤᠢ᠌ᠯᠠᠩ ᠤᠨ ᠶᠡᠷᠦᠩᠬᠡᠢ ᠲᠤᠰᠠᠯᠠᠭᠰᠠᠨ ᠨᠤᠷᠮ᠎ᠠ ᠨᠢ ᠬᠠᠷᠢᠴᠠᠭᠤᠯᠤᠭᠴᠢ ᠳᠤᠭᠤᠢ᠌ᠯᠠᠩ ᠠᠴᠠ ᠢᠯᠡᠳᠲᠡ ᠳᠠᠪᠠᠭᠤᠯᠢᠭ (P<0.05)᠃ ᠳ᠋ᠦᠩᠨᠡᠯᠲᠡ᠄ ᠬᠠᠷ᠎ᠠ ᠶᠠᠮ᠎ᠠ ᠡᠪᠡᠳᠴᠢᠨ ᠳᠦ ᠣᠪᠠᠳᠢᠰ ᠤᠨ ᠬᠦᠷᠬᠦᠮ —13 ᠨᠢ ᠡᠮᠴᠢᠯᠡᠭᠡᠨ ᠦ ᠠᠴᠢ ᠲᠤᠰᠠ ᠲᠠᠢ ᠪᠦᠭᠡᠳ ᠶᠡᠷᠦᠩᠬᠡᠢ ᠲᠤᠰᠠᠯᠠᠭᠰᠠᠨ ᠨᠤᠷᠮ᠎ᠠ ᠨᠢ ᠰᠢ ᠪᠢ ᠯᠢᠩ ᠠᠴᠠ ᠳᠠᠪᠠᠭᠤᠯᠢᠭ ᠪᠠᠢ᠌ᠨ᠎ᠠ᠃
Original Literature View Original Paper
出自 内蒙古民族大学学报(自然科学) 2013年 第2期

联系我们


内蒙古大学图书馆
呼和浩特市大学西路235号
中国·内蒙古
P: (0471) 4992561
E: huangfeilong@imu.edu.cn