Paper Information


Title 《 ᠠᠷᠪᠠᠨ ᠬᠤᠶᠠᠷ ᠵᠤᠬᠢᠶᠠᠩᠬ᠋ᠤᠢ ᠤᠷᠤᠰᠢᠪᠡ》 ᠬᠢᠭᠡᠳ ᠲᠡᠬᠦᠨ ᠤ ᠤᠷᠴᠢᠭ᠋ᠤᠯᠭ᠎ᠠ ᠶᠢᠨ ᠲᠤᠬᠠᠢ ᠲᠦᠭᠦᠮ ᠦᠬᠦᠯᠡᠬᠦ ᠨᠢ
Creator ᠰᠢᠷᠤᠨᠬᠦᠤ
Keyword
Abstract 《 ᠠᠷᠪᠠᠨ ᠬᠤᠶᠠᠷ ᠵᠤᠬᠢᠶᠠᠩᠬ᠋ᠤᠢ ᠤᠷᠤᠰᠢᠪᠡ》ᠪᠤᠯ ᠶᠤᠸᠠᠨ ᠤᠯᠤᠰ ᠤᠨ ᠪᠠᠨᠳᠢᠳᠠ ᠴᠤᠢᠵᠢᠨᠤᠤᠰᠠᠷ ᠲᠦᠪᠡᠳ ᠬᠡᠯᠡ ᠪᠡᠷ ᠲᠤᠭ᠋ᠤᠷᠪᠢᠵᠦ ᠢᠵᠢᠯᠢ ᠴᠠᠭ ᠦᠶ᠎ᠡ ᠶᠢᠨ ᠬᠡᠯᠡᠮᠤᠷᠴᠢ ᠰᠢᠷᠡᠪᠰᠡᠩᠭᠡ ᠮᠤᠩᠭᠤᠯ ᠬᠡᠯᠡ ᠪᠡᠷ ᠤᠷᠴᠢᠭ᠋ᠤᠯᠤᠭᠰᠠᠨ ᠠᠯᠳᠠᠷᠳᠤ ᠰᠤᠷᠪᠤᠯᠵᠢ ᠪᠢᠵᠢᠭ ᠪᠤᠯᠤᠨ᠎ᠠ᠃ ᠦᠭᠦᠯᠡᠯ ᠳᠤ ᠂《 ᠠᠷᠪᠠᠨ ᠬᠤᠶᠠᠷ ᠵᠤᠬᠢᠶᠠᠩᠬ᠋ᠤᠢ ᠤᠷᠤᠰᠢᠪᠡ》 ᠵᠢ 17 ᠳ᠋ᠤᠭ᠋ᠠᠷ ᠵᠠᠬ᠋ᠤᠨ ᠳᠤ ᠰᠠᠮᠳᠠᠨᠰᠡᠩᠭᠡ ᠶᠢᠨ ᠤᠷᠴᠢᠭ᠋ᠤᠯᠤᠭᠰᠠᠨ《ᠬᠤᠳᠤᠭᠳᠤ》 ᠵᠢᠴᠢ ᠲᠡᠬᠦᠨ ᠤ ᠲᠦᠪᠡᠳ ᠡᠭᠡ《rgya cher rol-pavi mdo》 ᠲᠠᠢ ᠬᠠᠷᠢᠴᠠᠭ᠋ᠤᠯᠤᠨ ᠰᠢᠨᠵᠢᠯᠡᠬᠦ ᠪᠠᠷ ᠲᠠᠮᠵᠢᠨ ᠴᠤᠢᠵᠢᠨᠤᠤᠰᠠᠷ ᠤᠨ 《 ᠬᠤᠳᠤᠭᠳᠤ ᠠᠬ᠋ᠤᠢ ᠶᠡᠭᠡᠳᠡ ᠴᠡᠩᠭᠡᠭᠰᠡᠨ ᠨᠡᠷᠡᠳᠤ ᠶᠡᠭᠡ ᠬᠦᠯᠭᠡᠨ ᠰᠤᠳᠤᠷ》 ᠶᠢᠡᠷ ᠯᠡᠪᠯᠡᠯᠳᠠ ᠪᠤᠯᠭ᠋ᠠᠵᠦ᠂ 《 ᠠᠷᠪᠡᠨ ᠬᠤᠶᠠᠷ ᠵᠤᠬᠢᠶᠠᠩᠭᠤᠢ ᠤᠷᠤᠰᠢᠪᠡ》 ᠪᠡᠨ ᠨᠠᠢᠷᠠᠭ᠋ᠤᠯᠤᠨ ᠲᠤᠭ᠋ᠤᠷᠪᠢᠬᠤ ᠳᠤ ᠬᠡᠷᠡᠭᠯᠡᠭᠰᠡᠨ ᠠᠷᠭ᠎ᠠ ᠠᠪᠴᠡᠯ ᠤᠨ ᠲᠤᠬᠠᠢ ᠨᠢᠭᠳᠠᠯᠠᠵᠦ᠂ ᠰᠢᠷᠡᠪᠰᠡᠩᠭᠡ ᠶᠢᠨ 《 ᠠᠷᠪᠡᠨ ᠬᠤᠶᠠᠷ ᠵᠤᠬᠢᠶᠠᠩᠭᠤᠢ ᠤᠷᠤᠰᠢᠪᠡ》᠋ ᠶᠢᠨ ᠤᠷᠴᠢᠭ᠋ᠤᠯᠭ᠎ᠠ ᠶᠢᠨ ᠤᠨᠴᠠᠯᠢᠭ ᠰᠢᠨᠵᠢ ᠵᠢ ᠳ᠋ᠦᠩᠨ᠋ᠡᠭᠰᠡᠨ ᠪᠠᠢᠨ᠎ᠠ᠃
Original Literature View Original Paper
出自 中国蒙古学 2014年 第4期

联系我们


内蒙古大学图书馆
呼和浩特市大学西路235号
中国·内蒙古
P: (0471) 4992561
E: huangfeilong@imu.edu.cn