Paper Information


Title 《ᠮᠣᠩ᠋ᠭᠤᠯ ᠡᠮ ᠦᠨ ᠰᠤᠳᠤᠯᠤᠯ》᠋ ᠤᠨ ᠵᠢᠭᠠᠨ ᠰᠤᠷᠭᠠᠯᠲᠠ ᠶᠢᠨ ᠲᠤᠬᠠᠢ ᠰᠦᠪᠡᠭ᠍ᠴᠢᠯᠡᠯ
Creator ᠪᠦᠬᠡᠪᠠᠭᠠᠲᠤᠷ
Keyword 《ᠮᠣᠩ᠋ᠭᠤᠯ ᠡᠮ ᠦᠨ ᠰᠤᠳᠤᠯᠤᠯ》; ᠵᠢᠭᠠᠨ ᠰᠤᠷᠭᠠᠯᠲᠠ; ᠰᠦᠪᠡᠭ᠍ᠴᠢᠯᠡᠯ
Abstract ᠵᠤᠬᠢᠶᠠᠭᠴᠢ ᠪᠠᠷ ᠤᠳᠠᠭᠠᠨ ᠵᠢᠯ ᠦᠨ 《ᠮᠣᠩ᠋ᠭᠤᠯ ᠡᠮ ᠦᠨ ᠰᠤᠳᠤᠯᠤᠯ》᠋ ᠤᠨ ᠵᠢᠭᠠᠨ ᠰᠤᠷᠭᠠᠯᠲᠠ ᠶᠢᠨ ᠲᠤᠷᠰᠢᠯᠭ᠎ᠠ ᠪᠠᠨ ᠡᠮᠬᠢᠳᠭᠡᠨ᠂ ᠵᠢᠭᠠᠨ ᠰᠤᠷᠭᠠᠯᠲᠠ ᠶᠢᠨ ᠴᠢᠨᠠᠷ ᠴᠢᠨᠰᠠᠭ᠎ᠠ ᠶᠢ ᠳᠡᠭᠡᠭ᠍ᠰᠢᠯᠡᠭᠦᠯᠬᠦ ᠠᠷᠭ᠎ᠠ ᠠᠪᠴᠠᠯ ᠤᠨ ᠲᠤᠬᠠᠢ ᠰᠦᠪᠡᠭ᠍ᠴᠢᠯᠡᠪᠡ᠃ ᠡᠭᠦᠨ ᠳᠦ ᠰᠤᠷᠤᠭᠴᠢᠳ ᠲᠤ 《ᠮᠣᠩ᠋ᠭᠤᠯ ᠡᠮ ᠤᠨ ᠰᠤᠳᠤᠯᠤᠯ》᠋ ᠤᠨ ᠰᠢᠨᠵᠢᠯᠡᠬᠦ ᠤᠬᠠᠭᠠᠨᠴᠢ ᠴᠢᠨᠠᠷ ᠪᠠ ᠮᠣᠩ᠋ᠭᠤᠯ ᠠᠨᠠᠭᠠᠬᠤ ᠤᠬᠠᠭᠠᠨ ᠳᠤ ᠬᠢ ᠪᠠᠢ᠌ᠷᠢ ᠰᠠᠭᠤᠷᠢ ᠶᠢ ᠭᠦᠢᠴᠡᠳ ᠲᠠᠨᠢᠯᠭᠤᠯᠬᠤ; ᠰᠤᠷᠤᠯᠴᠠᠬᠤ ᠤᠷᠮ᠎ᠠ ᠪᠠᠬ᠎ᠠ ᠶᠢ ᠨᠢ ᠠᠩ᠋ᠬᠠᠷᠤᠨ ᠬᠦᠮᠦᠵᠢᠭᠦᠯᠵᠦ᠂ ᠰᠤᠷᠤᠯᠴᠠᠬᠤ ᠢᠳᠡᠪᠬᠢᠵᠢᠯ ᠢ ᠨᠢ ᠲᠠᠢ᠌ᠴᠢᠯᠠᠬᠤ; ᠵᠢᠭᠠᠨ ᠰᠤᠷᠭᠠᠬᠤ ᠬᠦᠲᠦᠯᠪᠦᠷᠢ ᠳᠦ ᠪᠡᠨ ᠨᠡᠪᠲᠡᠷᠡᠵᠦ᠂ ᠭᠤᠤᠯᠳᠠᠯᠭ᠎ᠠ ᠶᠢ ᠲᠤᠪᠤᠢ᠌ᠯᠭᠠᠵᠤ᠂ ᠬᠦᠴᠢᠷᠳᠡᠯᠭᠡ ᠶᠢ ᠠᠳᠬᠤᠵᠤ᠂ ᠬᠢᠴᠢᠶᠡᠯ ᠢᠶᠡᠨ ᠨᠠᠷᠢᠨ ᠬᠢᠨᠠᠮᠠᠭᠠᠢ ᠪᠡᠯᠡᠳᠭᠡᠬᠦ; ᠣᠨᠣᠯ ᠪᠠ ᠦᠢᠯᠡᠳᠦᠯᠭᠡ᠂ ᠣᠨᠣᠯ ᠪᠠ ᠪᠤᠳᠠᠲᠠᠢ ᠶᠢ ᠠᠩ᠋ᠬᠠᠷᠤᠨ ᠤᠶᠠᠯᠳᠤᠭᠤᠯᠵᠤ᠂ ᠵᠢᠭᠠᠬᠤ ᠪᠠ ᠰᠤᠷᠬᠤ ᠶᠢᠨ ᠨᠢᠭᠡᠲᠦᠯ ᠢ ᠪᠡᠶᠡᠯᠭᠦᠯᠬᠦ; ᠵᠢᠭᠠᠨ ᠰᠤᠷᠭᠠᠯᠲᠠ ᠶᠢᠨ ᠵᠠᠭᠤᠴᠢ ᠶᠢ ᠭᠦᠢᠴᠡᠳ ᠠᠰᠢᠭᠯᠠᠨ ᠲᠦᠭᠡᠮᠡᠯᠵᠢᠭᠦᠯᠵᠦ᠂ ᠵᠢᠭᠠᠨ ᠰᠤᠷᠭᠠᠬᠤ ᠶᠠᠰᠤ ᠴᠢᠨᠠᠷ ᠢᠶᠠᠨ ᠳᠡᠭᠡᠭ᠍ᠰᠢᠯᠡᠭᠦᠯᠬᠦ; ᠪᠠᠭᠰᠢ ᠪᠤᠯᠤᠭᠰᠠᠳ ᠵᠢᠭᠠᠨ ᠰᠤᠷᠭᠠᠯᠲᠠ ᠶᠢᠨ ᠣᠷᠭᠢᠯᠤᠮ᠎ᠠ ᠬᠠᠯᠠᠭᠤᠨ ᠰᠡᠳᠬᠢᠯᠭᠡ ᠪᠡ ᠦᠷᠭᠡᠨ ᠳᠡᠯᠭᠡᠷ ᠮᠡᠳᠡᠯᠭᠡ ᠲᠡᠢ ᠪᠠᠢ᠌ᠬᠤ ᠵᠡᠷᠭᠡ ᠵᠢᠷᠭᠤᠭᠠᠨ ᠲᠠᠯ᠎ᠠ ᠪᠠᠷ ᠨᠡᠯᠢᠶᠡᠳ ᠰᠢᠰᠲ᠋ᠧᠮ ᠲᠡᠢ ᠦᠭᠦᠯᠡᠵᠦ ᠰᠦᠪᠡᠭ᠍ᠴᠢᠯᠡᠯ ᠬᠢᠭ᠍ᠰᠡᠨ ᠪᠠᠢ᠌ᠨ᠎ᠠ᠃
Original Literature View Original Paper
出自 内蒙古民族大学学报(自然科学) 2010年 第1期

联系我们


内蒙古大学图书馆
呼和浩特市大学西路235号
中国·内蒙古
P: (0471) 4992561
E: huangfeilong@imu.edu.cn