Title |
《ᠪᠠᠷᠠᠭᠤᠨ ᠴᠢᠭᠤᠯᠭᠠᠨ ᠤ ᠸᠠᠩ ᠭᠦᠩ ᠨᠠᠷ ᠤᠨ ᠬᠤᠷᠠᠯᠳᠤᠭᠠᠨ》ᠵᠢᠴᠢ ᠲᠡᠭᠦᠨ ᠳᠤ ᠬᠤᠯᠪᠤᠭᠳᠠᠬᠤ ᠪᠠᠷᠢᠮᠳᠠ ᠪᠢᠴᠢᠭ᠌ ᠢ ᠵᠠᠳᠠᠯᠤᠨ ᠰᠢᠨᠵᠢᠯᠡᠬᠦ ᠨᠢ |
Creator |
ᠬᠠᠰ |
Keyword |
ᠪᠠᠷᠠᠭᠤᠨ ᠴᠢᠭᠤᠯᠭᠠᠨ ᠤ ᠸᠠᠩ ᠭᠦᠩ ᠨᠠᠷ ᠤᠨ ᠬᠤᠷᠠᠯᠳᠤᠭᠠᠨ; ᠵᠠᠰᠠᠭ ᠨᠤᠶᠠᠳ; ᠬᠤᠯᠠᠳᠠᠬᠢᠨ ᠢ ᠠᠮᠤᠷ ᠪᠤᠯᠭᠠᠭᠴᠢ ᠬᠤᠳᠠ ᠶᠢᠨ ᠵᠠᠩᠵᠤᠨ |
Abstract |
ᠪᠠᠷᠠᠭᠤᠨ ᠴᠢᠭᠤᠯᠭᠠᠨ ᠤ ᠸᠠᠩ ᠭᠦᠩ ᠨᠠᠷ ᠤᠨ ᠬᠤᠷᠠᠯᠳᠤᠭᠠᠨ ᠭᠡᠭ᠍ᠴᠢ ᠪᠤᠯ 1913 ᠤᠨ ᠤ 1ᠰᠠᠷ᠎ᠠ ᠳᠤ᠂ ᠬᠤᠯᠠᠳᠠᠬᠢᠨ ᠢ ᠠᠮᠤᠷ ᠪᠤᠯᠭᠠᠭᠴᠢ ᠬᠤᠳᠠ ᠶᠢᠨ ᠵᠠᠩᠵᠤᠨ ᠵᠠᠩ ᠱᠤᠤ ᠽᠸᠩ ᠪᠡᠷ ᠬᠤᠷᠠᠯᠳᠤᠭᠤᠯᠤᠭᠰᠠᠨ᠂ ᠤᠯᠠᠭᠠᠨᠴᠠᠪ ᠶᠡᠬᠡ ᠵᠤᠤ ᠬᠤᠶᠠᠷ ᠴᠢᠭᠤᠯᠭᠠᠨ ᠤ ᠡᠯ᠎ᠡ ᠬᠤᠰᠢᠭᠤᠨ ᠤ ᠵᠠᠰᠠᠭ ᠨᠤᠶᠠᠳ ᠠᠷᠤ ᠮᠤᠩᠭ᠋ᠤᠯ ᠤᠨ ᠵᠠᠰᠠᠭ ᠤᠨ ᠭᠠᠵᠠᠷ ᠲᠤ ᠲᠠᠭᠠᠷ᠎ᠠ ᠤᠷᠤᠬᠤ ᠶᠢ ᠬᠤᠷᠢᠭᠯᠠᠨ᠂ 《ᠪᠦᠬᠦᠳᠡ ᠨᠠᠢ᠌ᠷᠠᠮᠳᠠᠬᠤ》 ᠶᠢ ᠬᠦᠯᠢᠶᠡᠨ ᠵᠦᠪᠰᠢᠶᠡᠷᠡᠭᠦᠯᠬᠦ ᠪᠡᠷ ᠵᠤᠷᠢᠯᠭ᠎ᠠ ᠪᠤᠯᠭᠠᠭᠰᠠᠨ ᠨᠢᠭᠡᠨ ᠤᠳᠠᠭ᠎ᠠ ᠶᠢᠨ ᠬᠤᠷᠠᠯᠳᠤᠭᠠᠨ ᠪᠤᠯᠤᠨ᠎ᠠ᠃ ᠲᠤᠰ ᠦᠭᠦᠯᠡᠯ ᠳᠤ᠂ ᠭᠤᠤᠯᠳᠠᠭᠤ ᠠᠷᠭᠢᠪ ᠲᠤ ᠬᠠᠳᠠᠭᠠᠯᠠᠭᠳᠠᠵᠤ ᠪᠠᠢ᠌ᠭ᠎ᠠ ᠲᠡᠦᠬᠡᠨ ᠲᠠᠩᠰᠠ ᠪᠢᠴᠢᠭ᠌ ᠤᠳ ᠢ ᠠᠰᠢᠭᠯᠠᠨ᠂ ᠪᠠᠷᠠᠭᠤᠨ ᠴᠢᠭᠤᠯᠭᠠᠨ ᠤ ᠸᠠᠩ ᠭᠦᠩ ᠨᠠᠷ ᠤᠨ ᠬᠤᠷᠠᠯᠳᠤᠭᠠᠨ ᠢ ᠬᠤᠷᠠᠯᠳᠤᠭᠤᠯᠤᠭᠰᠠᠨ ᠪᠠᠢ᠌ᠳᠠᠯ᠂ 《ᠪᠠᠷᠠᠭᠤᠨ ᠴᠢᠭᠤᠯᠭᠠᠨ ᠤ ᠬᠤᠷᠠᠯᠳᠤᠭᠠᠨ ᠤ ᠡᠬᠢ ᠠᠳᠠᠭ ᠤᠨ ᠲᠡᠮᠳᠡᠭᠯᠡᠯ》ᠬᠡᠮᠡᠬᠦ ᠬᠤᠷᠠᠯᠳᠤᠭᠠᠨ ᠤ ᠮᠠᠲ᠋ᠸᠷᠢᠶᠠᠯ ᠲᠤᠳᠤᠷᠠᠬᠢ ᠬᠡᠳᠦᠨ ᠬᠤᠪᠢ ᠪᠠᠷᠢᠮᠳᠠ ᠪᠢᠴᠢᠭ᠌ ᠪᠤᠯᠤᠨ ᠬᠤᠷᠠᠯᠳᠤᠭᠠᠨ ᠤ ᠲᠠᠷᠠᠭ᠎ᠠ᠂ ᠤᠯᠠᠭᠠᠨᠴᠠᠪ ᠶᠡᠬᠡ ᠵᠤᠤ ᠬᠤᠶᠠᠷ ᠴᠢᠭᠤᠯᠭᠠᠨ ᠤ ᠵᠠᠷᠢᠮ ᠵᠠᠰᠠᠭ ᠨᠤᠶᠠᠳ ᠡᠴᠡ ᠠᠷᠤ ᠮᠤᠩᠭ᠋ᠤᠯ ᠤᠨ ᠵᠠᠰᠠᠭ ᠤᠨ ᠭᠠᠵᠠᠷ ᠲᠤ ᠢᠯᠡᠭᠡᠭ᠍ᠰᠡᠨ ᠪᠢᠴᠢᠭ᠌ ᠤᠳ ᠤᠨ ᠤᠳᠬ᠎ᠠ ᠠᠭᠤᠯᠭ᠎ᠠ ᠶᠢ ᠵᠠᠳᠠᠯᠤᠨ ᠰᠢᠨᠵᠢᠯᠡᠪᠡ᠃ |
Original Literature |
View Original Paper
|
出自 |
内蒙古大学学报
2015年
第2期
|