Paper Information


Title 《ᠠᠯᠲᠠᠨ ᠬᠠᠭᠠᠨ ᠤ ᠴᠢᠯᠠᠭᠤᠨ ᠤ ᠪᠢᠴᠢᠭ》 ᠤᠨ ᠲᠣᠬᠠᠢ ᠰᠢᠨᠵᠢᠯᠡᠭᠡ
Creator ᠴᠢᠤᠸᠠᠨ ᠷᠦᠩ
Keyword ᠠᠯᠲᠠᠨ ᠬᠠᠭᠠᠨ; ᠴᠢᠯᠠᠭᠤᠨ ᠤ ᠪᠢᠴᠢᠭ; ᠲᠤᠭᠲᠠᠮ ᠰᠢᠨᠵᠢᠯᠡᠭᠡ
Abstract 《ᠠᠯᠲᠠᠨ ᠬᠠᠭᠠᠨ ᠤ ᠴᠢᠯᠠᠭᠨᠤ ᠤ ᠪᠢᠴᠢᠭ》ᠪᠣᠯ ᠲᠦᠡᠮᠳ ᠤᠨ ᠠᠯᠲᠠᠨ ᠬᠠᠭᠠᠨ ᠤ ᠭᠡᠷᠡᠯᠲᠦ ᠬᠦᠰᠦᠶ ᠠ ᠪᠣᠯᠤᠨ᠎ᠠ᠃ ᠲᠤᠰ ᠭᠡᠷᠡᠯᠲᠦ ᠬᠦᠰᠢᠶ ᠠ ᠨᠢ ᠴᠣᠯ ᠮᠣᠩᠭᠤᠯ ᠦᠰᠦᠭᠲᠦ ᠬᠦᠰᠢᠶ ᠠ ᠪᠠᠢᠵᠤ᠂ ᠭᠤᠤᠯᠳᠠᠭᠤ ᠲᠦᠡᠮᠳ ᠤᠨ ᠠᠯᠲᠠᠨᠬᠠᠭᠠᠨ ᠪᠡ ᠲᠡᠬᠦᠨ ᠤ ᠠᠴᠢ ᠬᠦᠪᠡᠬᠦᠨ ᠲᠠᠢᠴᠢᠩ ᠨᠤᠶᠠᠨ ᠵᠢᠴᠢ ᠲᠠᠢᠭᠠᠯ ᠬᠠᠲᠤᠨ ᠨᠠᠷ ᠰᠦᠮ ᠠ ᠭᠡᠢᠳ ᠪᠠᠢᠭᠤᠯᠵᠤ ᠪᠤᠷᠬᠠᠨ ᠤ ᠱᠠᠰᠢᠨ ᠢ ᠰᠤᠷᠲᠠᠯᠴᠢᠯᠠᠨ ᠲᠡᠯᠭᠡᠷᠡᠭᠦᠯᠦᠭᠰᠡᠨ ᠦᠢᠯᠡ ᠠᠵᠢᠯᠯᠠᠭ᠎ᠠ ᠵᠢ ᠮᠠᠭᠲᠠᠨ ᠰᠢᠯᠦᠭᠯᠡᠭᠰᠡᠨ ᠬᠪᠤᠷ ᠨᠠᠨᠳᠢᠨ ᠪᠡᠶᠡᠲᠦ ᠭᠡᠷᠡᠭᠯᠡᠭᠳᠡᠬᠦᠨ ᠪᠤᠯᠤᠨ᠎ᠠ᠃ ᠲᠤᠰ ᠬᠦᠰᠢᠶᠡᠨ ᠪᠢᠴᠢᠭ ᠤᠨ ᠲᠣᠬᠠᠢ90ᠵᠢᠯ ᠤᠨ ᠡᠮᠦᠨ᠎ᠠ ᠡᠴᠡ ᠡᠬᠢᠯᠠᠨ ᠮᠡᠳᠡᠭᠡᠯᠡᠭᠰᠡᠭᠡᠷ ᠢᠷᠡᠭᠰᠡᠨ ᠪᠣᠯᠪᠠᠴᠦ ᠬᠦᠰᠢᠶᠡᠨ ᠪᠢᠴᠢᠭ ᠤᠨ ᠠᠭᠤᠯᠭ᠎ᠠ ᠵᠢ ᠬᠠᠷᠠᠬᠠᠨ ᠲᠠᠢᠯᠪᠤᠷᠢᠯᠠᠨ ᠣᠩᠰᠢᠭᠭᠠᠷ ᠪᠠᠢᠭᠰᠠᠭᠠᠭᠷ᠃ ᠦᠭᠦᠯᠡᠯ ᠳ᠋ᠤ ᠡᠨᠡᠬᠦ ᠦᠪᠡᠷᠮᠢᠴᠡ ᠲᠤᠷᠠᠰᠬᠠᠯ ᠢ ᠲᠡᠦᠬᠡᠨ ᠪᠠᠷᠢᠮᠲᠠ ᠪᠡᠷ ᠬᠠᠷᠢᠴᠠᠭᠤᠯᠤᠨ ᠰᠤᠳᠤᠯᠬᠤ ᠶᠢᠨ ᠲᠠᠠᠭᠤ ᠭᠤᠤᠯᠳᠠᠭᠤ ᠬᠦᠰᠢᠶᠡᠨ ᠪᠢᠴᠢᠭ ᠤᠨ ᠠᠭᠤᠯᠭ᠎ᠠ ᠵᠢ ᠲᠠᠢᠯᠪᠤᠷᠢᠯᠠᠨ ᠣᠩᠰᠢᠵᠤ᠂ ᠵᠠᠳᠠᠯᠤᠨ ᠰᠢᠨᠵᠢᠯᠡᠵᠦ᠂ ᠵᠠᠷᠢᠮ ᠲᠤᠳᠤᠷᠠᠭᠤᠨ ᠪᠤᠰᠤ ᠦᠭᠡ ᠦᠰᠦᠭ ᠢ ᠪᠢᠴᠢᠯᠭᠡ ᠶᠢᠨ ᠬᠡᠯᠪᠡᠷᠢ ᠲᠦᠷᠰᠦ ᠪᠠ ᠤᠳᠬ ᠠ ᠶᠢᠨ ᠠᠴᠪᠠᠯᠲᠤᠯ᠂ ᠦᠭᠡ ᠦᠭᠦᠯᠡᠪᠦᠷᠢ ᠶᠢᠨ ᠠᠪᠴᠠᠯᠳᠤᠯ ᠪᠠ ᠵᠠᠯᠪᠠᠷᠢᠯ ᠤᠨ ᠵᠠᠬᠢᠶᠠᠩᠭᠤᠢ ᠶᠢᠨ ᠲᠤᠭᠲᠠᠭᠰᠠᠨ ᠬᠡᠯᠪᠡᠡᠷᠢᠵᠢᠯ ᠵᠢᠴᠢ ᠦᠭᠡ ᠶᠢᠨ ᠡᠵᠡᠯᠡᠵᠦ ᠪᠦᠬᠦᠢ ᠤᠷᠤᠨ ᠵᠠᠢ᠂ ᠦᠯᠡᠳᠡᠭᠰᠡᠨ ᠤᠷᠤᠮ ᠤᠨ ᠪᠦᠲᠦᠭᠦᠪᠴᠢ ᠲᠦᠷᠬᠦ ᠵᠡᠷᠭᠡ ᠵᠢ ᠦᠨᠳᠦᠰᠦᠯᠡᠨ ᠰᠡᠷᠬᠦᠭᠡᠨ ᠣᠩᠰᠢᠭᠰᠠᠨ ᠪᠠ ᠬᠦᠰᠢᠶᠡᠨ ᠪᠢᠴᠢᠭ ᠲᠤ ᠭᠠᠷᠬᠤ ᠲᠠᠢᠴᠢᠩ ᠭᠡᠮᠡᠭᠴᠢ ᠪᠣᠯ ᠠᠯᠲᠠᠨ ᠬᠠᠭᠠᠨ ᠤ ᠤᠮᠪᠤᠯ ᠲᠠᠢᠴᠢᠩ ᠡᠵᠡᠢ ᠪᠤᠰᠦ᠂ ᠬᠠᠷᠢᠨ ᠶᠦᠩᠰᠢᠶᠠᠪᠤ ᠶᠢᠨ ᠲᠠᠢᠴᠢᠩ ᠨᠤᠶᠠᠨ ᠭᠡᠳᠡᠭ ᠢ ᠵᠢᠭᠠᠨ ᠭᠠᠷᠭᠠᠵᠠᠢ᠃
Original Literature View Original Paper
出自 内蒙古社会科学(蒙文版) 2017年 第5期

联系我们


内蒙古大学图书馆
呼和浩特市大学西路235号
中国·内蒙古
P: (0471) 4992561
E: huangfeilong@imu.edu.cn