Paper Information


Title 《ᠦᠰᠦᠭ ᠨᠠᠢ᠌ᠷᠠᠭᠤᠯᠬᠤ ᠶᠢᠨ ᠢᠯᠡᠳᠭᠡᠯ》 ᠳᠤ ᠬᠤᠯᠪᠤᠭᠳᠠᠬᠤ ᠵᠠᠷᠢᠮ ᠡᠭᠡᠳᠡᠷᠡᠭᠡᠨ ᠲᠠᠢ ᠵᠦᠢᠯ ᠢ ᠲᠤᠳᠤᠷᠠᠭᠤᠯᠬᠤ ᠨᠢ
Creator ᠰᠡᠴᠡᠨᠪᠠᠭᠠᠳᠤᠷ
Keyword 《ᠦᠰᠦᠭ ᠨᠠᠢ᠌ᠷᠠᠭᠤᠯᠬᠤ ᠶᠢᠨ ᠢᠯᠡᠳᠭᠡᠯ》; ᠨᠠᠴᠢᠨ (ᠨᠸᠴᠢᠨ); ᠬᠡᠪᠯᠡᠭᠳᠡᠭᠰᠡᠨ ᠤᠨ; ᠠᠩᠬᠠᠨ ᠤ ᠪᠡᠷ ᠬᠡᠪᠯᠡᠯ
Abstract 《ᠦᠰᠦᠭ ᠨᠠᠢ᠌ᠷᠠᠭᠤᠯᠬᠤ  ᠶᠢᠨ ᠢᠯᠡᠳᠭᠡᠯ》 ᠪᠤᠯ ᠮᠤᠩᠭ᠋ᠤᠯ ᠦᠰᠦᠭ ᠤᠨ ᠴᠠᠭᠠᠨ ᠲᠤᠯᠤᠭᠠᠢ᠂ ᠴᠠᠭᠠᠨ ᠲᠤᠯᠤᠭᠠᠢ ᠶᠢᠨ ᠦᠰᠦᠭ ᠤᠳ ᠢ ᠵᠠᠯᠭᠠᠨ ᠪᠢᠴᠢᠬᠦ ᠶᠤᠰᠤ᠂ ᠬᠠᠷᠢ ᠦᠭᠡᠰ ᠢ ᠲᠡᠮᠳᠡᠭᠯᠡᠬᠦ ᠲᠤᠰᠬᠠᠢ ᠦᠰᠦᠭ ᠤᠳ᠂ ᠲᠠᠭᠠᠪᠤᠷᠢ ᠪᠠ ᠲᠡᠪᠢᠰᠭᠡᠷ ᠦᠰᠦᠭ ᠢ ᠪᠢᠴᠢᠬᠦ ᠶᠤᠰᠤ᠂ ᠡᠷᠳᠡᠨ ᠡᠴᠡ ᠤᠨᠴᠠᠭᠠᠢ ᠲᠦᠷᠢᠮ ᠶᠢᠡᠷ ᠪᠢᠴᠢᠳᠡᠭ ᠦᠭᠡᠰ ᠵᠡᠷᠭᠡ ᠮᠤᠩᠭ᠋ᠤᠯ ᠪᠢᠴᠢᠭ᠌ ᠤᠨ ᠵᠦᠪ ᠪᠢᠴᠢᠯᠭᠡ ᠶᠢᠨ ᠦᠨᠳᠦᠰᠦᠨ ᠲᠦᠷᠢᠮ ᠢ ᠬᠦᠰᠦᠨᠦᠭᠴᠢᠯᠡᠨ ᠦᠡᠵᠡᠭᠦᠯᠵᠦ ᠲᠠᠢ᠌ᠯᠪᠤᠷᠢᠯᠠᠭᠰᠠᠨ ᠮᠤᠩᠭ᠋ᠤᠯ ᠬᠡᠯᠡ ᠰᠢᠨᠵᠢᠯᠡᠯ ᠤᠨ ᠴᠢᠬᠤᠯᠠ ᠲᠤᠷᠠᠰᠬᠠᠯ ᠪᠢᠴᠢᠭ᠌ ᠤᠨ ᠨᠢᠭᠡ ᠨᠢ ᠶᠤᠮ᠃ ᠭᠡᠬᠦ ᠳᠤ ᠲᠤᠰ ᠵᠤᠬᠢᠶᠠᠯ ᠤᠨ ᠵᠤᠬᠢᠶᠠᠭᠴᠢ ᠶᠢᠨ ᠨᠡᠷ᠎ᠡ᠂ ᠬᠡᠪᠯᠡᠭᠳᠡᠭᠰᠡᠨ ᠤᠨ᠂ ᠠᠩᠬᠠᠨ ᠤ ᠪᠠᠷ ᠬᠡᠪᠯᠡᠯ ᠤᠨ ᠲᠠᠯ᠎ᠠ ᠪᠡᠷ ᠠᠯᠳᠠᠵᠤ ᠲᠠᠰᠢᠶᠠᠷᠬᠠᠭᠰᠠᠨ ᠵᠦᠢᠯ ᠨᠡᠯᠢᠶᠡᠳ ᠪᠠᠢ᠌ᠬᠤ ᠪᠦᠭᠡᠳ ᠲᠡᠳᠡᠭᠡᠷ ᠲᠠᠰᠢᠶᠠᠷᠠᠯ ᠨᠢ ᠡᠳᠦᠭᠡ ᠪᠤᠯᠳᠠᠯ᠎ᠠ ᠬᠦᠮᠦᠰ ᠲᠤ ᠪᠤᠷᠤᠭᠤ ᠤᠢ᠌ᠯᠠᠭᠠᠯᠳᠠ ᠦᠭ᠍ᠭᠦᠭ᠍ᠰᠡᠭᠡᠷ ᠪᠤᠢ᠃ ᠦᠭᠦᠯᠡᠯ ᠳᠤ ᠬᠤᠯᠪᠤᠭᠳᠠᠯ ᠪᠦᠬᠦᠢ ᠪᠠᠷᠢᠮᠳᠠ ᠮᠠᠲ᠋ᠸᠷᠢᠶᠠᠯ ᠳᠤ ᠲᠤᠯᠭᠠᠭᠤᠷᠢᠯᠠᠨ᠂ ᠲᠡᠳᠡᠭᠡᠷ ᠡᠭᠡᠳᠡᠷᠡᠭᠡᠨ ᠲᠠᠢ ᠵᠦᠢᠯ ᠢ ᠲᠤᠳᠤᠷᠠᠭᠤᠯᠬᠤ ᠪᠡᠷ ᠴᠢᠷᠮᠠᠢ᠌ᠭᠰᠠᠨ ᠪᠠᠢ᠌ᠨ᠎ᠠ᠃
Original Literature View Original Paper
出自 内蒙古大学学报 2015年 第2期

联系我们


内蒙古大学图书馆
呼和浩特市大学西路235号
中国·内蒙古
P: (0471) 4992561
E: huangfeilong@imu.edu.cn