Paper Information


Title ᠰᠠᠢᠨᠪᠠᠶᠠᠷ ᠤᠨ ᠦᠭᠦᠯᠡᠯᠭᠡ ᠡᠴᠡ ᠮᠣᠩᠭᠤᠯ ᠦᠭᠦᠯᠡᠯᠭᠡ ᠶᠢᠨ ᠰᠢᠨ᠎ᠡ ᠰᠡᠳᠦᠯᠭᠡ ᠰᠢᠨ᠎ᠡ ᠨᠡᠭᠡᠭᠡᠯᠲᠡ ᠶᠢᠨ ᠲᠤᠬᠠᠢ ᠠᠵᠢᠭᠯᠠᠬᠤ ᠨᠢ
Creator ᠲᠢᠶᠧ ᠠᠨ
Keyword
Abstract ᠪᠤᠰᠤᠳᠴᠢ ᠠᠬᠤᠢ ᠶᠢᠨ ᠣᠷᠤᠨ᠂ ᠴᠠᠭ᠂ ᠵᠠᠢ ᠠᠴᠠ ᠰᠢᠯᠵᠢᠵᠦ ᠳᠤᠲᠤᠭ᠋ᠠᠳᠤ ᠰᠡᠳᠬᠢᠯᠭᠡ ᠶᠢᠨ ᠶᠢᠷᠲᠢᠨᠴᠦ ᠶᠢᠨ ᠳᠡᠯᠭᠡᠴᠡ ᠵᠦᠭ ᠪᠡᠷ ᠨᠢᠰᠭᠡᠭᠰᠡᠨ ᠨᠢ ᠰᠠᠢᠨᠪᠠᠶᠠᠷ ᠤᠨ ᠵᠤᠬᠢᠶᠠᠯ ᠤᠨ ᠭᠤᠤᠯ ᠣᠨᠴᠠᠯᠢᠭ ᠪᠤᠯᠤᠨ᠎ᠠ᠃ ᠲᠡᠭᠦᠨ ᠦ ᠵᠤᠬᠢᠶᠠᠯ ᠪᠠᠰᠠ ᠰᠡᠳᠬᠢᠮᠵᠢ ᠨᠢ ᠰᠢᠨ᠎ᠡ ᠰᠡᠪᠡᠭᠦᠨ ᠬᠠᠴᠢᠨ ᠰᠤᠨ᠋ᠢᠷᠬᠠᠯᠲᠠᠢ ᠪᠠᠢᠳᠠᠭ᠂ ᠠᠮᠢᠳᠤᠷᠠᠯ ᠤᠨ ᠬᠢᠯᠪᠡᠬᠡᠨ ᠦᠵᠡᠭᠳᠡᠯ ᠢ ᠪᠢᠴᠢᠵᠦ ᠵᠢᠵᠢᠭ ᠵᠤᠢᠯ ᠠᠴᠠ ᠵᠢᠩ ᠲᠠᠢ ᠰᠠᠨ᠋ᠠᠭ᠎ᠠ ᠶᠢ ᠭᠠᠷᠭ᠋ᠠᠬᠤ᠂ ᠤᠳᠬ᠎ᠠ ᠰᠠᠨ᠋ᠠᠭ᠎ᠠ ᠶᠢ ᠨᠢᠭ᠋ᠤᠴᠠ ᠳᠠᠯᠳᠠ ᠪᠠᠢᠳᠠᠭ᠂ ᠲᠤᠭᠲᠠᠭᠰᠠᠨ ᠨᠢᠭᠡ ᠣᠷᠴᠢᠨ ᠠᠬᠤᠢ ᠳᠤ ᠵᠤᠬᠢᠶᠠᠯ ᠤᠨ ᠪᠠᠭ᠋ᠠᠲᠤᠷ ᠤᠨ ᠴᠢᠯᠦᠭᠡᠲᠡᠢ ᠬᠤᠯᠪᠤᠨ ᠪᠤᠳᠤᠬᠤ ᠪᠠᠷ ᠳᠠᠮᠵᠢᠵᠤ ᠦᠪᠡᠷ ᠦᠨ ᠪᠡᠶ᠎ᠡ ᠪᠡᠷ ᠨᠢ ᠦᠪᠡᠷ ᠢ ᠨᠢ ᠢᠯᠡᠴᠢᠯᠡᠭᠦᠯᠵᠦ ᠳᠦᠷᠢ ᠪᠦᠲᠦᠭᠡᠬᠦ ᠵᠡᠷᠭᠡ ᠣᠨᠴᠠᠯᠢᠭ ᠲᠠᠢ ᠪᠠᠢᠳᠠᠭ᠃ ᠡᠭᠦᠨ ᠡᠴᠡ ᠭᠠᠳᠠᠨ᠎ᠠ᠂ ᠬᠡᠯᠡ ᠬᠡᠯᠡᠯᠭᠡ ᠨᠢ ᠰᠢᠯᠦᠭᠡᠯᠢᠭ ᠭᠤᠢᠳᠠ ᠰᠠᠢᠬᠠᠨ ᠪᠦᠭᠡᠳ ᠭᠦᠨ ᠤᠬᠠᠭ᠋ᠠᠯᠢᠭ ᠰᠢᠨᠵᠢ ᠲᠠᠢ ᠪᠠᠢᠵᠤ᠂ ᠰᠡᠪᠡᠭᠦᠨ ᠰᠤᠷᠭ᠋ᠤᠭ ᠭᠤᠤ᠎ᠠ ᠰᠠᠢᠬᠠᠨ ᠤ ᠲᠦᠷᠦᠭᠳᠡᠯ ᠦᠭᠳᠡᠭ᠃
Original Literature No Original Paper
出自 内蒙古民族大学学报(社会科学) 1985年 第3期

联系我们


内蒙古大学图书馆
呼和浩特市大学西路235号
中国·内蒙古
P: (0471) 4992561
E: huangfeilong@imu.edu.cn