Paper Information


Title ᠰᠢᠨᠵᠢᠶᠠᠩ ᠤᠢ᠌ᠷᠠᠳ ᠤᠨ ᠤᠷᠳᠤ ᠲᠠᠭᠤᠤ ᠳᠤ ᠬᠢ ᠪᠤᠷᠬᠠᠨ ᠤ ᠱᠠᠰᠢᠨ ᠤ ᠦᠭᠡ ᠬᠡᠯᠡᠯᠭᠡ ᠶᠢᠨ ᠤᠴᠢᠷ ᠤᠳᠬ᠎ᠠ ᠶᠢᠨ ᠲᠠᠢ᠌ᠯᠤᠯ
Creator ᠴ • ᠪᠠᠳᠤ
Keyword ᠰᠢᠨᠵᠢᠶᠠᠩ ᠤᠢ᠌ᠷᠠᠳ; ᠤᠷᠳᠤ ᠲᠠᠭᠤᠤ; ᠪᠤᠷᠬᠠᠨ ᠤ ᠱᠠᠰᠢᠨ ᠤ ᠨᠦᠯᠦᠭᠡ; ᠦᠭᠡ ᠬᠡᠯᠡᠯᠭᠡ; ᠤᠳᠬ᠎ᠠ ᠤᠴᠢᠷ
Abstract ᠦᠭᠦᠯᠡᠯ ᠳ᠋ᠤ ᠪᠤᠷᠬᠠᠨ ᠤ ᠱᠠᠰᠢᠨ ᠲᠠᠢ ᠬᠤᠯᠪᠤᠭᠳᠠᠬᠤ ᠲᠠᠭᠤᠤ ᠨᠢ ᠤᠢ᠌ᠷᠠᠳ ᠲᠠᠶᠠᠭᠠᠷ ᠲᠤ ᠬᠦᠳᠦᠯᠦᠭᠳᠦᠨ ᠲᠠᠭᠤᠯᠠᠭᠳᠠᠵᠤ᠂ ᠴᠠᠭᠠᠰᠢᠯᠠᠨ ᠤᠢ᠌ᠷᠠᠳᠴᠤᠳ ᠤᠨ ᠲᠡᠦᠬᠡ ᠰᠤᠶᠤᠯ ᠤᠨ ᠰᠤᠳᠤᠯᠤᠯ ᠳᠤ ᠮᠠᠰᠢ ᠴᠢᠬᠤᠯᠠ ᠦᠢᠯᠡᠳᠦᠯ ᠦᠵᠡᠭᠦᠯᠵᠦ᠂ ᠤᠢ᠌ᠷᠠᠳ ᠲᠡᠦᠬᠡᠨ ᠰᠤᠳᠤᠯᠤᠯ ᠳᠤ ᠬᠢ ᠴᠦᠬᠡᠨ ᠦᠭᠡᠢ ᠪᠤᠳᠤᠯᠢᠶᠠᠨ ᠮᠠᠷᠭᠤᠭᠠᠨ ᠲᠠᠢ ᠪᠠ ᠬᠦᠴᠢᠷᠳᠡᠯᠳᠡᠢ ᠠᠰᠠᠭᠤᠳᠠᠯ ᠢ ᠲᠠᠢ᠌ᠯᠪᠤᠷᠢᠯᠠᠬᠤ ᠳᠤ ᠴᠢᠬᠤᠯᠠ ᠦᠢᠯᠡᠳᠦᠯ ᠦᠵᠡᠭᠦᠯᠵᠦ ᠪᠠᠢ᠌ᠨ᠎ᠠ᠃ ᠭᠡᠳᠡᠯ᠎ᠡ ᠰᠢᠨᠵᠢᠶᠠᠩ ᠤᠨ ᠤᠢ᠌ᠷᠠᠳ ᠤᠨ ᠪᠤᠷᠬᠠᠨ ᠤ ᠱᠠᠰᠢᠨ ᠲᠠᠢ ᠬᠤᠯᠪᠤᠭᠳᠠᠬᠤ ᠲᠠᠭᠤᠤ  ᠳᠤ ᠮᠠᠰᠢ ᠤᠯᠠᠨ ᠪᠤᠷᠬᠠᠨ ᠤ ᠱᠠᠰᠢᠨ ᠲᠠᠢ ᠬᠤᠯᠪᠤᠭᠳᠠᠬᠤ ᠤᠬᠠᠭᠳᠠᠬᠤᠨ ᠪᠠ ᠨᠡᠷ᠎ᠡ ᠲᠤᠮᠢᠶ᠎ᠠ᠂ ᠦᠭᠡ ᠬᠡᠯᠡᠯᠭᠡ ᠢᠯᠡᠷᠡᠵᠦ᠂ ᠪᠤᠷᠬᠠᠨ ᠤ ᠱᠠᠰᠢᠨ ᠤ ᠲᠤᠬᠠᠢ ᠵᠤᠬᠢᠬᠤ ᠮᠡᠳᠡᠯᠭᠡ ᠲᠠᠢ ᠮᠡᠷᠭᠡᠵᠢᠯ ᠤᠨ ᠬᠦᠮᠦᠨ ᠪᠤᠰᠤ ᠪᠤᠯ ᠲᠡᠭᠦᠨ ᠤ ᠲᠤᠳᠤᠭᠠᠳᠤ ᠤᠴᠢᠷ ᠤᠳᠬ᠎ᠠ ᠶᠢ ᠤᠢ᠌ᠯᠠᠭᠠᠬᠤ ᠳᠤ ᠬᠦᠴᠢᠷᠳᠡᠢ ᠪᠤᠯᠭᠠᠵᠤ ᠪᠠᠢ᠌ᠳᠠᠭ᠃ ᠡᠢ᠌ᠮᠤ ᠡᠴᠡ ᠡᠢ᠌ᠮᠦᠷᠬᠦᠦ ᠪᠤᠷᠬᠠᠨ ᠤ ᠱᠠᠰᠢᠨ ᠲᠠᠢ ᠬᠤᠯᠪᠤᠭᠳᠠᠬᠤ ᠤᠬᠠᠭᠳᠠᠬᠤᠨ ᠪᠠ ᠦᠭᠡ ᠬᠡᠯᠡᠯᠭᠡ ᠶᠢᠨ ᠪᠤᠷᠬᠠᠨ ᠤ ᠱᠠᠰᠢᠨ ᠤ ᠤᠨᠤᠯ ᠪᠠ ᠦᠢᠯᠡᠳᠦᠯᠭᠡ᠂ ᠪᠤᠷᠬᠠᠨ ᠤ ᠱᠠᠰᠢᠨ ᠤ ᠰᠤᠶᠤᠯ ᠵᠦᠢ ᠶᠢᠨ ᠡᠭᠦᠳᠡᠨ ᠡᠴᠡ ᠲᠤᠳᠤᠭᠠᠳᠤ ᠤᠴᠢᠷ ᠬᠤᠯᠪᠤᠭᠳᠠᠯ ᠢ ᠨᠢ ᠲᠠᠢ᠌ᠯᠪᠤᠷᠢᠯᠠᠨ ᠲᠤᠳᠤᠷᠬᠠᠢ᠌ᠯᠠᠬᠤ ᠨᠢ ᠤᠢ᠌ᠷᠠᠳ ᠤᠷᠳᠤ ᠲᠠᠭᠤᠤ ᠭᠡᠬᠦ ᠡᠨᠡ ᠬᠦ ᠡᠷᠬᠢᠮ ᠨᠠᠨᠳᠢᠨ ᠰᠤᠶᠤᠯ ᠤᠨ ᠦᠪ ᠶᠢᠡᠨ ᠬᠤᠢ᠌ᠴᠢ ᠦᠶ᠎ᠡ ᠳᠤ ᠪᠠ ᠪᠦᠷᠢᠨ ᠪᠦᠳᠦᠨ  ᠶᠢᠡᠷ ᠨᠢ ᠤᠯᠠᠮᠵᠢᠯᠠᠨ ᠵᠠᠯᠭᠠᠮᠵᠢᠯᠠᠵᠤ ᠲᠦᠭᠡᠮᠡᠯᠵᠢᠭᠦᠯᠦᠨ ᠬᠦᠭ᠍ᠵᠢᠭᠦᠯᠬᠦ ᠳᠤ ᠤᠮᠳᠤᠭᠠᠢᠯᠠᠵᠤ ᠪᠤᠯᠤᠰᠢ ᠦᠭᠡᠢ ᠴᠢᠬᠤᠯᠠ ᠶᠡᠬᠡ ᠠᠴᠢ ᠬᠤᠯᠪᠤᠭᠳᠠᠯ ᠲᠠᠢ ᠶᠤᠮ ᠭᠡᠵᠦ ᠦᠵᠡᠪᠡ᠃
Original Literature View Original Paper
出自 西北民族大学学报 2014年 第1期

联系我们


内蒙古大学图书馆
呼和浩特市大学西路235号
中国·内蒙古
P: (0471) 4992561
E: huangfeilong@imu.edu.cn