Paper Information


Title ᠮᠤᠤᠡᠦ᠋ᠬᠢᠨ ᠦ 《ᠴᠠᠭᠠᠨ ᠮᠤᠷᠢᠨ ᠤ ᠮᠠᠭᠲᠠᠭᠠᠯ》᠋ ᠤᠨ ᠲᠤᠬᠠᠢ ᠠᠩ᠋ᠠᠬᠠᠨ ᠤ ᠰᠢᠨᠵᠢᠯᠡᠯ
Creator ᠴᠤᠭᠲᠤ
Keyword ᠮᠤᠤᠡᠦ᠋ᠬᠢᠨ; ᠬᠤᠯᠪᠤᠭ᠎ᠠ; ᠴᠠᠭᠠᠨ ᠮᠤᠷᠢᠨ ᠤ ᠮᠠᠭᠲᠠᠭᠠᠯ
Abstract 《ᠴᠠᠭᠠᠨ ᠮᠤᠷᠢᠨ ᠤ ᠮᠠᠭᠲᠠᠭᠠᠯ》ᠪᠤᠯ ᠶᠡᠬᠡ ᠬᠤᠯᠪᠤᠭᠠᠴᠢ ᠮᠤᠤᠡᠦ᠋ᠬᠢᠨ ᠦ 1947 ᠣᠨ ᠠᠴᠠ ᠡᠮᠦᠨ᠎ᠡ ᠣᠯᠠᠨᠲᠠ ᠳᠠᠭᠤᠯᠠᠨ ᠬᠡᠯᠡᠵᠦ ᠪᠠᠢ᠌ᠭᠰᠠᠨ ᠲᠦᠯᠦᠭᠡᠯᠡᠬᠦ ᠴᠢᠨᠠᠷ ᠲᠠᠢ ᠬᠤᠯᠪᠤᠭ᠎ᠠ ᠶᠢᠨ ᠨᠢᠭᠡ ᠪᠤᠯᠤᠨ᠎ᠠ᠃ ᠭᠡᠪᠡᠴᠦ ᠶᠠᠮᠠᠷ ᠰᠢᠯᠲᠠᠭᠠᠨ ᠠᠴᠠ ᠪᠤᠯᠤᠭᠰᠠᠨ ᠢ ᠪᠤᠤ ᠮᠡᠳᠡ᠂ ᠲᠤᠰ ᠬᠤᠯᠪᠤᠭ᠎ᠠ ᠮᠤᠤᠡᠦ᠋ᠬᠢᠨ ᠦ ᠬᠤᠯᠪᠤᠭ᠎ᠠ ᠶᠢᠨ ᠲᠡᠭᠦᠪᠦᠷᠢ ᠨᠦᠬᠦᠳ ᠲᠦ ᠰᠤᠩ᠋ᠭᠤᠭᠳᠠᠭᠰᠠᠨ ᠦᠭᠡᠢ ᠡᠴᠡ ᠪᠤᠯᠵᠤ ᠨᠢᠭᠡᠨᠲᠡ ᠮᠠᠷᠲᠠᠭᠳᠠᠨ ᠭᠡᠭᠡᠭ᠍ᠳᠡᠭᠰᠡᠨ ᠪᠠᠢ᠌ᠨ᠎ᠠ᠃ ᠪᠠᠶᠠᠷᠯᠠᠭᠤᠰᠢᠲᠠᠢ ᠨᠢᠭᠡ ᠶᠠᠪᠤᠳᠠᠯ ᠭᠡᠪᠡᠯ᠂ ᠪᠢᠳᠡᠨ ᠦ ᠰᠢᠨᠵᠢᠯᠡᠭᠡ ᠪᠡᠷ ᠳᠠᠮᠵᠢᠨ ᠨᠡ ᠬᠦ ᠮᠠᠷᠲᠠᠭᠳᠠᠨ ᠭᠡᠭᠡᠭ᠍ᠳᠡᠭᠰᠡᠨ 《ᠴᠠᠭᠠ ᠮᠤᠷᠢᠨ ᠤ ᠮᠠᠭᠲᠠᠭᠠᠯ》ᠨᠢ ᠮᠤᠤᠡᠦ᠋ᠬᠢᠨ ᠦ ᠬᠡᠯᠡᠭᠰᠡᠨ ᠬᠤᠭᠤᠷ ᠤᠨ ᠦᠯᠢᠭᠡᠷ 《ᠬᠦᠷᠡᠯᠪᠠᠭᠠᠲᠤᠷ ᠬᠦᠦ》᠋ ᠳᠦ ᠲᠠᠷᠬᠠᠢ ᠪᠤᠳᠠᠷᠬᠠᠢ ᠬᠠᠳᠠᠭᠠᠯᠠᠭᠳᠠᠵᠤ ᠪᠠᠢ᠌ᠭ᠎ᠠ ᠶᠢ ᠢᠯᠡᠷᠡᠭᠦᠯᠵᠡᠢ᠃ ᠢᠩᠭᠢᠭᠡᠳ ᠪᠢᠳᠡ 《ᠬᠦᠷᠡᠯᠪᠠᠭᠠᠲᠤᠷ ᠬᠦᠦ》ᠡᠴᠡ 《ᠴᠠᠭᠠᠨ ᠮᠤᠷᠢᠨ ᠤ ᠮᠠᠭᠲᠠᠭᠠᠯ》᠋ ᠢ ᠡᠮᠨᠢᠭ᠌᠌ ᠪᠠᠢ᠌ᠭᠰᠠᠨ ᠴᠠᠭᠠᠨ ᠮᠤᠷᠢᠨ ᠤ ᠳᠦᠷᠰᠦᠯᠡᠯ᠂ ᠬᠦᠯᠦᠭ ᠪᠤᠯᠤᠭᠰᠠᠨ ᠴᠠᠭᠠᠨ ᠮᠤᠷᠢᠨ ᠤ ᠳᠦᠷᠰᠦᠯᠡᠯ᠂ ᠴᠠᠭᠠᠨ ᠮᠤᠷᠢᠨ ᠤ ᠵᠠᠩ ᠠᠷᠠᠭᠰᠢᠨ ᠤ ᠳᠦᠷᠰᠦᠯᠡᠯ ᠵᠡᠷᠭᠡ ᠭᠤᠷᠪᠠᠨ ᠲᠠᠯ᠎ᠠ ᠪᠠᠷ ᠰᠡᠷᠭᠦᠭᠡᠨ ᠲᠡᠮᠳᠡᠭᠯᠡᠵᠦ᠂ ᠰᠢᠨᠵᠢᠯᠡᠨ ᠰᠤᠳᠤᠯᠵᠤ᠂ ᠤᠷᠠᠯᠢᠭ ᠤᠨ ᠠᠮᠵᠢᠯᠲᠠ ᠶᠢ ᠨᠢ ᠲᠤᠪᠴᠢ ᠪᠠᠷ ᠬᠤᠷᠢᠶᠠᠩ᠋ᠭᠤᠢ᠌ᠯᠠᠵᠠᠢ᠃
Original Literature View Original Paper
出自 内蒙古社会科学(蒙文版) 2005年 第1期

联系我们


内蒙古大学图书馆
呼和浩特市大学西路235号
中国·内蒙古
P: (0471) 4992561
E: huangfeilong@imu.edu.cn