Paper Information


Title ᠰᠠᠢ᠌ᠴᠤᠩᠭ᠋᠎ᠠ ᠶᠢᠨ ᠰᠤᠶᠣᠨ ᠭᠡᠭᠡᠷᠡᠭᠦᠯᠬᠦ ᠤᠳᠬ᠎ᠠ ᠵᠤᠬᠢᠶᠠᠯ ᠳᠤ ᠢᠯᠡᠷᠡᠭᠰᠡᠨ ᠬᠠᠯᠠᠨ ᠰᠠᠢ᠌ᠵᠢᠷᠠᠭᠤᠯᠬᠤ ᠦᠵᠡᠯ
Creator ᠤᠳᠬᠤᠨᠪᠠᠶᠠᠷ
Keyword ᠰᠠᠢ᠌ᠴᠤᠩᠭ᠋᠎ᠠ ; ᠰᠤᠶᠣᠨ ᠭᠡᠭᠡᠷᠡᠭᠦᠯᠬᠦ ᠤᠳᠬ᠎ᠠ ᠵᠤᠬᠢᠶᠠᠯ ; ᠬᠠᠯᠠᠨ ᠰᠠᠢ᠌ᠵᠢᠷᠠᠭᠤᠯᠬᠤ ᠦᠵᠡᠯ
Abstract ᠤᠷᠴᠢᠨ ᠨᠦᠶ ᠡ ᠶᠢᠨ ᠰᠠᠢ᠌ᠴᠤᠩᠭ᠋᠎ᠠ  ᠶᠢᠨ ᠵᠤᠬᠢᠶᠠᠯ ᠪᠦᠳᠦᠭᠡᠯ《ᠰᠡᠳᠬᠢᠯ ᠤᠨ ᠬᠠᠨᠢ》᠂《ᠮᠠᠨ ᠦ ᠮᠣᠩᠭᠣᠯ ᠤᠨ ᠮᠠᠨᠳᠤᠬᠤ ᠳᠠᠭᠤᠨ》᠂《ᠡᠯᠡᠰᠦ ᠮᠠᠩᠬᠠᠨ ᠦ ᠡᠬᠡ ᠨᠤᠳᠤᠭ》᠂《ᠵᠢᠷᠤᠭᠡᠨ ᠦ ᠭᠡᠷᠡᠯ》ᠪᠠ 《ᠠᠢ᠌ᠯ ᠶᠢᠨᠨ ᠦᠭᠡᠳᠡᠯᠡᠭᠦᠯᠭᠦ ᠪᠢᠴᠢᠭ᠌》 ᠵᠢᠴᠢ ᠰᠤᠨᠢᠨ ᠰᠡᠳᠭᠦᠯ ᠳᠤ ᠨᠡᠢ᠌ᠳᠡᠯᠡᠭᠦᠯᠦᠭᠰᠡᠨ ᠵᠤᠬᠢᠶᠠᠯ ᠪᠦᠳᠦᠭᠡᠯ ᠤᠳ ᠢ ᠪᠤᠳᠠᠲᠠᠢ ᠵᠠᠳᠠᠯᠬᠤ ᠪᠡᠷ ᠳᠠᠮᠵᠢᠨ᠂ ᠳᠡᠳᠡᠭᠡᠷ ᠲᠤ ᠲᠤᠬᠠᠢ ᠶᠢᠨ ᠭᠦᠮᠦᠰ ᠤᠨ ᠰᠤᠶᠣᠨ ᠭᠡᠭᠡᠷᠡᠭᠦᠯᠬᠦ ᠲᠤᠳᠤᠷᠬᠠᠢ ᠵᠤᠷᠢᠭᠤᠯᠤᠯᠲᠠ ᠲᠠᠢ ᠪᠠᠢ᠌ᠬᠤ ᠶᠢ ᠵᠢᠭᠠᠨ ᠭᠠᠷᠭᠠᠵᠤ᠂ ᠨᠡᠢ᠌ᠭᠡᠮ ᠰᠤᠶᠤᠯ ᠤᠨ ᠲᠤᠳᠤᠷᠬᠠᠢ ᠴᠢᠳᠠᠪᠬᠢ ᠪᠦᠭᠦᠢ ᠰᠤᠶᠣᠨ ᠭᠡᠭᠡᠷᠡᠭᠦᠯᠬᠦ ᠤᠳᠬ᠎ᠠ ᠵᠤᠬᠢᠶᠠᠯ ᠪᠤᠯᠬᠤ ᠶᠢ ᠨᠤᠳᠠᠯᠠᠪᠠ᠃ ᠬᠡᠷᠬᠢᠨ  ᠰᠤᠶᠣᠨ ᠭᠡᠭᠡᠷᠡᠭᠦᠯᠬᠦ ᠠᠷᠭ᠎ᠠ ᠪᠤᠳᠤᠯᠭ᠎ᠠ ᠶᠢᠨ ᠬᠤᠪᠢ ᠳᠤ ᠰᠠᠢ᠌ᠴᠤᠩᠭ᠋᠎ᠠ ᠭᠤᠤᠯᠳᠠᠭᠤ ᠬᠠᠯᠠᠨ ᠰᠠᠢ᠌ᠵᠢᠷᠠᠭᠤᠯᠬᠤ ᠦᠵᠡᠯ ᠲᠠᠢ ᠪᠠᠢ᠌ᠪᠠ ᠃ ᠡᠨᠡ ᠨᠢ 《ᠡᠪᠡᠳᠴᠢᠨᠳᠦ ᠤᠷᠴᠢᠯᠠᠩ》᠂ ᠢᠷᠭᠡᠨ ᠦ ᠴᠢᠨᠠᠷ᠂ ᠪᠦᠰᠡᠭᠦᠢ ᠭᠦᠮᠦᠨ ᠦ ᠰᠤᠷᠳᠠᠯ ᠡᠷᠳᠡᠮ ᠢ ᠬᠠᠯᠠᠨ ᠰᠠᠢ᠌ᠵᠢᠷᠠᠭᠤᠯᠬᠤ ᠳᠤ ᠲᠦᠪᠯᠡᠷᠡᠩᠬᠦᠢ ᠲᠤᠰᠬᠠᠯ ᠶᠢᠨᠨ ᠤᠯᠵᠤ᠂ ᠭᠤᠤᠯ ᠨᠢ ᠢᠷᠭᠡᠨ ᠦ ᠴᠢᠨᠠᠷ ᠢ ᠬᠠᠯᠠᠨ ᠰᠠᠢ᠌ᠵᠢᠷᠠᠭᠤᠯᠵᠤ ᠪᠠᠢ᠌ᠮᠠᠨ ᠰᠤᠶᠣᠨ ᠭᠡᠭᠡᠷᠡᠭᠦᠯᠬᠦ ᠵᠤᠷᠢᠯᠭ᠎ᠠ ᠳᠠᠭᠠᠨ ᠬᠦᠷᠬᠦ ᠬᠡᠰᠡᠨ ᠪᠠᠢ᠌ᠨ᠎ᠠ᠃
Original Literature View Original Paper
出自 内蒙古大学学报 2008年 第1期

联系我们


内蒙古大学图书馆
呼和浩特市大学西路235号
中国·内蒙古
P: (0471) 4992561
E: huangfeilong@imu.edu.cn