Paper Information


Title ᠲᠤᠩ᠋ᠭᠠᠯᠠᠭ —5᠋ ᠪᠠᠷ ᠴᠢᠰᠦᠨ ᠦ ᠦᠭᠡᠭᠦᠯᠢᠭ᠌ ᠡᠳ᠋ ᠦᠨᠳᠦᠷᠵᠢᠭᠰᠡᠨ ᠭᠡᠮ ᠢ ᠵᠠᠰᠠᠭᠰᠠᠨ 80 ᠵᠢᠱᠢᠶ᠎ᠡ ᠶᠢᠨ ᠳ᠋ᠦᠩᠨᠡᠯᠲᠡ
Creator ᠵᠠᠩ ᠴᠢᠩ ᠱᠠᠨ; ᠪᠤᠤ ᠸᠧᠨ ᠪᠤᠤ
Keyword ᠲᠤᠩ᠋ᠭᠠᠯᠠᠭ —5; ᠴᠢᠰᠦᠨ ᠦ ᠦᠭᠡᠭᠦᠯᠢᠭ᠌ ᠡᠳ᠋ ᠦᠨᠳᠦᠷᠵᠢᠭᠰᠡᠨ ᠭᠡᠮ; ᠡᠮᠴᠢᠯᠡᠭᠡᠨ᠋ ᠦ ᠰᠤᠳᠤᠯᠭ᠎ᠠ
Abstract ᠴᠢᠰᠦᠨ ᠦ ᠦᠭᠡᠭᠦᠯᠢᠭ᠌ ᠡᠳ᠋ ᠦᠨᠳᠦᠷᠵᠢᠭᠰᠡᠨ ᠭᠡᠮ ᠳᠦ ᠦᠵᠡᠭᠦᠯᠬᠦ ᠮᠤᠨᠭᠭᠤᠯ ᠡᠮ ᠲᠤᠩ᠋ᠭᠠᠯᠠᠭ —5᠋ ᠶᠢᠨ ᠠᠴᠢ ᠲᠤᠰᠠ ᠶᠢ ᠦᠨᠡᠯᠡᠨ᠎ᠡ᠃ ᠠᠷᠭ᠎ᠠ᠄ ᠴᠢᠰᠦᠨ ᠦ ᠦᠭᠡᠭᠦᠯᠢᠭ᠌ ᠡᠳ᠋ ᠦᠨᠳᠦᠷᠵᠢᠭᠰᠡᠨ ᠭᠡᠮ ᠪᠦᠬᠦᠢ 80 ᠵᠢᠱᠢᠶ᠎ᠡ ᠡᠪᠡᠳᠴᠢᠲᠡᠨ ᠢ ᠰᠤᠩ᠋ᠭᠤᠵᠤ᠂ ᠲᠤᠩ᠋ᠭᠠᠯᠠᠭ —5᠋ ᠶᠢ 15 ᠦᠷᠢᠯ (5g)᠋ ᠢᠶᠠᠷ ᠡᠳᠦᠷ ᠲᠦ 3 ᠤᠳᠠᠭ᠎ᠠ ᠤᠤᠭᠤᠯᠭᠠᠨ᠎ᠠ᠃ ᠪᠦᠬᠦ ᠡᠮᠴᠢᠯᠡᠭᠡᠨ ᠦ ᠬᠤᠭᠤᠴᠠᠭ᠎ᠠ ᠶᠢ 8 ᠭᠠᠷᠠᠭ ᠢᠶᠠᠷ ᠠᠪᠴᠤ᠂ ᠵᠠᠰᠠᠬᠤ ᠶᠢᠨ ᠡᠮᠦᠨ᠎ᠡ ᠬᠤᠶᠢᠨᠠᠬᠢ ᠴᠢᠰᠦᠨ ᠦ ᠦᠭᠡᠭᠦᠯᠢᠭ᠌ ᠡᠳ᠋ ᠦᠨ ᠬᠡᠮᠵᠢᠶ᠎ᠡ ᠶᠢ ᠨᠢ ᠬᠠᠷᠢᠴᠠᠭᠤᠯᠪᠠ᠃ ᠦᠷ᠎ᠡ ᠳ᠋ᠦᠩ᠄ ᠲᠤᠩ᠋ᠭᠠᠯᠠᠭ —5 ᠨᠢ ᠴᠢᠰᠦᠨ ᠦ ᠦᠭᠡᠭᠦᠯᠢᠭ᠌ ᠡᠳ᠋᠂ ᠲᠤᠬᠠᠶᠢᠯᠠᠪᠠᠯ᠂ ᠰᠦᠰᠦᠨ ᠦ ᠶᠡᠷᠦᠩᠬᠡᠢ ᠴᠢᠯᠠᠭᠤᠯᠢᠭ ᠠᠯᠺᠤᠤᠯ (TC)᠂ ᠭᠯᠢᠼᠧᠷᠢᠨᠲᠤ ᠭᠤᠷᠪᠠᠴᠢ ᠡᠰᠲ᠋ᠧᠷ (TG)᠂ ᠳᠤᠤᠷ᠎ᠠ ᠨᠢᠭᠲᠠᠴᠠᠲᠤ ᠦᠭᠡᠭᠦᠨ ᠤᠭᠤᠷᠠᠭᠲᠤ ᠴᠢᠯᠠᠭᠤᠯᠢᠭ ᠠᠯᠺᠤᠤᠯ (LDL—C)᠋ ᠢ ᠮᠡᠳᠡᠭᠳᠡᠮ᠎ᠡ ᠪᠠᠭᠤᠷᠠᠭᠤᠯᠬᠤ ᠪᠦᠭᠡᠳ ᠦᠨᠳᠦᠷ ᠨᠢᠭᠲᠠᠴᠠᠲᠤ ᠦᠭᠡᠭᠦᠨ ᠤᠭᠤᠷᠠᠭᠲᠤ ᠴᠢᠯᠠᠭᠤᠯᠢᠭ ᠠᠯᠺᠤᠤᠯ (HDL—C)᠋ ᠤᠨ ᠬᠡᠮᠵᠢᠶ᠎ᠡ ᠶᠢ ᠢᠯᠡᠷᠬᠡᠢ ᠳᠡᠭᠡᠭᠰᠢᠯᠡᠭᠦᠯᠦᠨ᠎ᠡ᠃ ᠵᠠᠰᠠᠬᠤ ᠠᠴᠠ ᠡᠮᠦᠨ᠎ᠡ ᠬᠤᠶᠢᠨᠠᠬᠢ ᠶᠢ ᠬᠠᠷᠢᠴᠠᠭᠤᠯᠬᠤ ᠳᠤ ᠬᠤᠭᠤᠷᠤᠨᠳᠤ ᠪᠠᠨ ᠮᠠᠰᠢ ᠢᠯᠡᠳᠲᠡ ᠵᠦᠷᠢᠶ᠎ᠡ ᠲᠡᠢ (p<0.01)᠃ ᠳ᠋ᠦᠩᠨᠡᠯᠲᠡ᠄ ᠲᠤᠩ᠋ᠭᠠᠯᠠᠭ —5᠋ ᠶᠢᠨ ᠨᠠᠶᠢᠷᠠᠯᠭ᠎ᠠ ᠨᠢ ᠴᠢᠰᠦᠨ ᠦ ᠦᠭᠡᠭᠦᠯᠢᠭ᠌ ᠡᠳ᠋ ᠦᠨᠳᠦᠷᠵᠢᠭᠰᠡᠨ ᠭᠡᠮ ᠢ ᠵᠠᠰᠠᠬᠤ ᠦᠢᠯᠡᠳᠦᠯ ᠢᠶᠡᠷ ᠰᠠᠶᠢᠨ ᠪᠤᠢ᠃
Original Literature View Original Paper
出自 内蒙古民族大学学报(自然科学) 2008年 第2期

联系我们


内蒙古大学图书馆
呼和浩特市大学西路235号
中国·内蒙古
P: (0471) 4992561
E: huangfeilong@imu.edu.cn