Paper Information


Title ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠤᠨ ᠲᠦᠪᠡᠳ ᠬᠠᠰᠢ ᠶᠢᠨ ᠠᠽᠦᠲ ᠤᠨ ᠰᠤᠯᠢᠯᠴᠠᠭᠠᠨ ᠳᠡᠬᠢ ᠨᠦᠯᠦᠭᠡ
Creator ᠰᠠᠷᠠᠨ᠎ᠠ; ᠰᠡᠴᠡᠨᠪᠠᠭᠠᠲᠣᠷ; ᠡᠦ ᠷᠦᠩ
Keyword ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ; ᠲᠦᠪᠡᠳ ᠬᠠᠰᠢ ;ᠠᠽᠦᠲ ᠬᠦᠴᠢᠯ ; ᠠᠩᠬᠢᠵᠢᠷᠠᠭᠤᠯᠬᠤ ᠢᠰᠬᠢᠭᠦᠷ ; ᠨᠠᠪᠴᠢᠨ ᠨᠤᠭᠤᠭᠠᠨ ᠡᠳ᠋
Abstract ᠨᠠᠪᠴᠢᠨ ᠢᠯᠳᠡᠰᠦᠨ ᠦ ᠠᠽᠦᠲ ᠬᠦᠴᠢᠯ ᠠᠩᠬᠢᠵᠢᠷᠠᠭᠤᠯᠬᠤ ᠢᠰᠬᠢᠭᠦᠷ ᠤᠨ ᠢᠳᠡᠪᠬᠢ ᠴᠢᠨᠠᠷ ᠪᠠ ᠨᠠᠪᠴᠢᠨ ᠨᠤᠭᠤᠭᠠᠨ ᠡᠳ᠋ ᠤᠨ ᠠᠭᠤᠯᠤᠮᠵᠢ ᠪᠡᠷ ᠪᠠᠷᠢᠮᠵᠢᠶ ᠠ ᠪᠤᠯᠭᠠᠵᠤ ᠂ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠤᠨ ᠲᠠᠷᠢᠶᠠᠨ ᠭᠠᠵᠠᠷ ᠲᠡᠬᠢᠲᠦᠪᠡᠳ ᠬᠠᠰᠢ ᠶᠢᠨ ᠠᠳᠠᠯᠢ ᠪᠤᠰᠤ ᠪᠤᠢᠵᠢᠯᠲᠠ ᠶᠢᠨ ᠬᠤᠭᠤᠴᠠᠭᠠᠨ ᠦ ᠠᠽᠦᠲ ᠤᠨ ᠰᠤᠯᠢᠯᠴᠠᠭᠠᠨ ᠳᠡᠬᠢ ᠨᠦᠯᠦᠭᠡ ᠶᠢ ᠰᠢᠨᠵᠢᠯᠡᠵᠡᠢ᠃ ᠲᠤᠷᠰᠢᠯᠲᠠ ᠶᠢᠨ ᠦᠷ ᠠ ᠳ᠋ᠦᠩ ᠡᠴᠡ ᠦᠵᠡᠪᠡᠯ ᠂ᠪᠤᠷᠳᠤᠭᠤᠷ ᠬᠡᠷᠡᠭᠯᠡᠬᠦ ᠨᠢ ᠲᠦᠪᠡᠳ ᠬᠠᠰᠢ ᠶᠢᠨ ᠨᠠᠪᠴᠢᠨ ᠢᠯᠳᠡᠰᠦᠨ ᠳᠡᠬᠢ ᠠᠽᠦᠲ ᠬᠦᠴᠢᠯ ᠠᠩᠬᠢᠵᠢᠷᠠᠭᠤᠯᠬᠤ ᠢᠰᠬᠢᠭᠦᠷ ᠤᠨ ᠢᠳᠡᠪᠬᠢ ᠴᠢᠨᠠᠷ ᠪᠠ ᠨᠠᠪᠴᠢᠨ ᠨᠤᠭᠤᠭᠠᠨ ᠡᠳ᠋ ᠤᠨ ᠠᠭᠤᠯᠤᠮᠵᠢ ᠶᠢ ᠢᠯᠡᠷᠬᠡᠢ ᠳᠡᠭᠡᠭ᠍ᠰᠢᠯᠡᠭᠦᠯᠬᠦ ᠦᠢᠯᠡᠳᠦᠯ ᠲᠠᠢ ᠃ ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠪᠠ ᠬᠠᠷᠢᠴᠠᠭᠤᠯᠤᠯ ᠤᠨ ᠪᠤᠷᠳᠤᠭᠤᠷ ᠪᠤᠯᠬᠤ ᠠᠮᠸᠷᠢᠺᠡ ᠶᠢᠨ ᠬᠤᠶᠠᠷᠴᠢ ᠠᠮᠢᠨ  ᠦ ᠲᠦᠪᠡᠳ ᠬᠠᠰᠢ ᠶᠢᠨ ᠴᠡᠴᠡᠭᠯᠡᠬᠦ ᠬᠤᠭᠤᠴᠠᠭ᠎ᠠ ᠪᠠ ᠵᠢᠮᠢᠰᠯᠡᠬᠦ ᠶᠢᠨ ᠡᠮᠤᠨ᠎ᠡ ᠬᠤᠭᠤᠴᠠᠭᠠᠨ ᠳᠡᠬᠢ ᠨᠠᠪᠴᠢᠨ ᠢᠯᠳᠡᠰᠦ ᠶᠢᠨ ᠠᠽᠦᠲ ᠬᠦᠴᠢᠯ ᠠᠩᠬᠢᠵᠢᠷᠠᠭᠤᠯᠬᠤ ᠢᠰᠬᠢᠭᠦᠷ ᠤᠨ ᠢᠳᠡᠪᠬᠢ ᠴᠢᠨᠠᠷ ᠪᠠ ᠨᠠᠪᠴᠢᠨ ᠨᠤᠭᠤᠭᠠᠨ ᠡᠳ᠋ ᠤᠨ ᠠᠭᠤᠯᠤᠮᠵᠢ ᠳᠡᠬᠢ ᠨᠦᠯᠦᠭᠡ ᠨᠢ ᠢᠯᠡᠷᠬᠡᠢ ᠵᠦᠷᠢᠶ ᠠ ᠦᠭᠡᠢ ᠂ᠬᠡᠪᠡᠴᠦ ᠵᠢᠮᠢᠰᠯᠡᠬᠦ ᠶᠢᠨ ᠬᠤᠢ᠌ᠨᠠᠬᠢ ᠬᠤᠭᠤᠴᠠᠭᠠᠨ ᠳᠤ ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠬᠡᠷᠡᠭᠯᠡᠭᠰᠡᠨ ᠲᠦᠪᠡᠳ ᠬᠠᠰᠢ ᠶᠢᠨ ᠠᠽᠦᠲ ᠬᠦᠴᠢᠯ ᠠᠩᠬᠢᠵᠢᠷᠠᠭᠤᠯᠬᠤ ᠢᠰᠬᠢᠭᠦᠷ ᠤᠨ ᠢᠳᠡᠪᠬᠢ ᠴᠢᠨᠠᠷ ᠪᠠ ᠨᠠᠪᠴᠢᠨ ᠨᠤᠭᠤᠭᠠᠨ ᠡᠳ᠋ ᠤᠨ ᠠᠭᠤᠯᠤᠮᠵᠢ ᠶᠢᠨ ᠬᠠᠷᠢᠴᠠᠭᠤᠯᠤᠯ ᠨᠢ ᠦᠨᠳᠦᠷ ᠪᠠᠢ᠌ᠳᠠᠭ᠃ ᠡᠨᠡ ᠨᠢ ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠤᠨ ᠨᠠᠮᠬᠠᠳᠬᠠᠨ ᠭᠠᠷᠭᠠᠬᠤ ᠦᠢᠯᠡᠳᠦᠯ ᠲᠠᠢ ᠪᠠᠢ᠌ᠬᠤ ᠶᠢ ᠬᠠᠷᠠᠭᠤᠯᠵᠤ ᠂ ᠲᠦᠪᠡᠳ ᠬᠠᠰᠢ ᠶᠢᠨ ᠪᠤᠢᠵᠢᠯᠲᠠ ᠶᠢᠨ ᠰᠡᠭᠦᠯᠴᠢ ᠶᠢᠨ ᠬᠤᠭᠤᠴᠠᠭᠠᠨ ᠦ ᠭᠡᠷᠡᠯ ᠨᠡᠢ᠌ᠯᠡᠯᠭᠡ ᠶᠢᠨ ᠴᠢᠳᠠᠪᠤᠷᠢ ᠶᠢ ᠰᠠᠢ᠌ᠵᠢᠷᠠᠭᠤᠯᠵᠤ᠂ ᠤᠨᠠᠯᠲᠠ ᠪᠠ ᠴᠢᠨᠠᠷ ᠴᠢᠨᠰᠠᠭ᠎ᠠ ᠶᠢ ᠳᠡᠭᠡᠭ᠍ᠰᠢᠯᠡᠭᠦᠯᠬᠦ ᠳᠤ ᠠᠬᠢᠭᠤᠯᠬᠤ ᠦᠢᠯᠡᠳᠦᠯ ᠲᠠᠢ ᠭᠡᠰᠡᠨ ᠢ ᠬᠡᠷᠡᠴᠢᠯᠡᠪᠡ᠃  
Original Literature View Original Paper
出自 内蒙古师范大学学报(自然科学蒙古文版) 2007年 第1期

联系我们


内蒙古大学图书馆
呼和浩特市大学西路235号
中国·内蒙古
P: (0471) 4992561
E: huangfeilong@imu.edu.cn