Paper Information


Title ᠲᠠᠪᠤᠳᠤᠭᠠᠷ ᠲᠦᠷᠢ ᠶᠢᠨ ᠲᠠᠯᠠᠢ ᠯᠠᠮᠠ ᠶᠢᠨ ᠮᠣᠩᠭᠤᠯ ᠣᠷᠤᠨ ᠳ᠋ᠤ ᠰᠢᠷ ᠠ ᠶᠢᠨ ᠱᠠᠰᠢᠨ ᠲᠡᠯᠭᠡᠷᠡᠬᠦ ᠳ᠋ᠤ ᠦᠵᠡᠭᠦᠯᠦᠭᠰᠡᠨ ᠦᠢᠯᠡᠳᠦᠯ
Creator ᠭᠸᠨ ᠴᠢᠤᠸᠠᠨ
Keyword ᠲᠠᠪᠤᠳᠤᠭᠠᠷ ᠲᠦᠷᠢ ᠶᠢᠨ ᠲᠠᠯᠠᠢ ᠯᠠᠮᠠ; ᠮᠣᠩᠭᠤᠯ ᠣᠷᠤᠨ; ᠰᠢᠷ ᠠ ᠶᠢᠨ ᠱᠠᠰᠢᠨ
Abstract 16ᠳ᠋ᠤᠭᠠᠷ ᠵᠠᠭᠤᠨ ᠤ ᠲᠤᠮᠳᠠᠴᠢ ᠰᠡᠭᠦᠯᠴᠢ ᠦᠶ ᠡ ᠪᠡᠷ ᠮᠣᠩᠭᠤᠯ ᠣᠷᠤᠨ ᠳ᠋ᠤ ᠲᠡᠬᠢᠨ ᠲᠡᠯᠭᠡᠷᠡᠭᠰᠡᠨ ᠲᠦᠪᠡᠳ ᠤᠨ ᠪᠣᠷᠬᠠᠨ ᠱᠠᠰᠢᠨ ᠨᠢ 1578 ᠣᠨ ᠳ᠋ᠤ ᠲᠦᠮᠡᠳ ᠤᠨ ᠠᠯᠲᠠᠨ ᠬᠠᠭᠠᠨ ᠪᠠ ᠭᠤᠷᠪᠠᠳᠤᠭᠠᠷ ᠲᠦᠷᠢ ᠶᠢᠨ ᠲᠠᠯᠠᠢ ᠯᠠᠮᠠ ᠶᠢᠨ ᠴᠠᠪᠴᠢᠶᠠᠯ ᠰᠦᠮ ᠡ ᠳ᠋ᠤ ᠠᠭᠤᠯᠵᠠᠯᠲᠠ ᠬᠢᠵᠦ᠂ ᠮᠣᠩᠭᠤᠯ ᠲᠦᠪᠡᠳ ᠤᠨ ᠲᠦᠷᠦ ᠱᠠᠰᠢᠨ ᠤ ᠬᠤᠶᠠᠷ ᠶᠣᠰᠤᠨ  ᠢ ᠲᠤᠭᠲᠠᠭᠠᠵᠤ᠂ ᠰᠢᠷ ᠡ ᠶᠢᠨ ᠱᠠᠰᠢᠨ ᠮᠣᠩᠭᠤᠯ ᠣᠷᠤᠨ ᠳ᠋ᠤ ᠲᠡᠯᠭᠡᠷᠡᠬᠦ ᠶᠢᠨ ᠪᠠᠲᠤ ᠪᠡᠬᠢ ᠰᠠᠭᠤᠷᠢ ᠵᠢ ᠲᠠᠯᠪᠢᠪᠠ᠃ ᠬᠤᠵᠢᠮ ᠨᠢ ᠴᠢᠩ ᠤᠯᠤᠰ ᠤᠨ ᠡᠬᠢᠨ ᠲᠤᠮᠳᠠᠴᠢ ᠦᠶ ᠡ ᠡᠴᠡ ᠡᠬᠢᠯᠠᠨ ᠪᠦᠬᠦ ᠮᠣᠩᠭᠤᠯ ᠣᠷᠤᠨ ᠳ᠋ᠤ ᠰᠢᠷ ᠡ ᠶᠢᠨ ᠱᠠᠰᠢᠨ ᠶᠡᠬᠡᠪᠡᠷ ᠲᠡᠯᠭᠡᠷᠡᠭᠰᠡᠨ ᠶᠣᠮ᠃ ᠡᠨᠡ ᠦᠶ ᠡ ᠳ᠋ᠤ ᠮᠣᠩᠭᠤᠯ ᠲᠦᠪᠡᠳ ᠬᠤᠶᠠᠷ ᠦᠨᠳᠦᠰᠦᠲᠡᠨ ᠤ ᠬᠠᠷᠢᠴᠠᠭᠠᠨ ᠳ᠋ᠤ ᠬᠤᠱᠤᠳ ᠤᠨ ᠬᠦᠦᠰᠢ ᠬᠠᠨ ᠪᠠ ᠲᠦᠪᠡᠳ ᠤᠨ ᠪᠣᠷᠬᠠᠨ ᠱᠠᠰᠢᠨ ᠤ ᠭᠡᠯᠦ᠋ᠩᠪᠡ ᠪᠦᠯᠦᠭᠲᠡᠨ ᠤ ᠲᠦᠷᠦᠬᠦᠦ ᠪᠣᠯᠬᠤ ᠲᠠᠪᠤᠳᠤᠭᠠᠷ ᠲᠦᠷᠢ ᠶᠢᠨ ᠲᠠᠯᠠᠢ ᠯᠠᠮᠠ ᠯᠣᠪᠰᠠᠩᠵᠠᠮᠰᠤ ᠵᠢ ᠲᠤᠷᠠᠳᠬᠤ ᠴᠢᠬᠤᠯᠠ ᠲᠠᠢ᠃ ᠲᠤᠰ ᠲᠡᠦᠭᠡᠨ ᠬᠤᠭᠤᠴᠠᠭᠠᠨ ᠳ᠋ᠤ ᠮᠣᠩᠭᠤᠯ ᠣᠷᠤᠨ ᠳ᠋ᠤ ᠰᠢᠷ ᠡ ᠶᠢᠨ ᠱᠠᠰᠢᠨ ᠶᠡᠬᠡᠪᠡᠷ ᠤᠯᠠᠮᠵᠢᠯᠠᠨ ᠲᠡᠯᠭᠡᠷᠡᠬᠦ ᠳ᠋ᠤ ᠲᠠᠪᠤᠳᠤᠭᠠᠷ ᠲᠦᠷᠢ ᠶᠢᠨ ᠲᠠᠯᠠᠢ ᠯᠠᠮᠠ ᠴᠢᠬᠤᠯᠠ ᠬᠤᠪᠢ ᠨᠡᠮᠡᠷᠢ ᠦᠵᠡᠭᠦᠯᠵᠡᠢ᠃
Original Literature View Original Paper
出自 内蒙古师范大学学报 2015年 第3期

联系我们


内蒙古大学图书馆
呼和浩特市大学西路235号
中国·内蒙古
P: (0471) 4992561
E: huangfeilong@imu.edu.cn