Paper Information


Title ᠮᠣᠩᠭᠣᠯ ᠶᠠᠰᠤᠲᠠᠳ ᠤᠨ ᠲᠤᠲ᠋ᠸᠮ ᠤᠨ ᠠᠮᠢᠲᠠᠳ ᠤᠨ ᠲᠤᠬᠠᠢ ᠰᠤᠳᠤᠯᠤᠯ
Creator ᠱᠤᠸᠠᠩ ᠵᠢᠨ
Keyword ᠮᠣᠩᠭᠣᠯ ᠶᠠᠰᠤᠲᠠᠨ; ᠠᠷᠢᠶᠠᠳᠠᠨ ᠲᠤᠲ᠋ᠸᠮ ; ᠰᠢᠪᠠᠭᠤᠨ ᠲᠤᠲ᠋ᠸᠮ 
Abstract ᠦᠭᠦᠯᠡᠯ ᠳᠤ ᠮᠣᠩᠭᠣᠯ ᠶᠠᠰᠤᠲᠠᠳ ᠤᠨ ᠲᠤᠮᠲᠠ ᠲᠤᠲ᠋ᠸᠮ ᠤᠨ ᠰᠢᠳᠦᠯᠭᠡ ᠶᠢᠨ ᠱᠠᠳᠤ ᠦᠶ ᠠ ᠤᠷᠤᠰᠢᠵᠤ ᠪᠠᠢ᠌ᠯ ᠠ ᠭᠡᠵᠦ ᠦᠵᠡᠭᠰᠡᠨ ᠦ ᠰᠠᠭᠤᠷᠢᠨ ᠳᠡᠭᠡᠷ ᠡ ᠮᠣᠩᠭ᠋ᠣᠯᠴᠤᠳ ᠤᠨ ᠲᠤᠲ᠋ᠸᠮ ᠤᠨ ᠰᠢᠳᠦᠯᠬᠡ  ᠶᠢᠨ ᠶᠤᠰᠤ ᠤᠴᠢᠷ ᠤᠨ ᠲᠤᠬᠠᠢ ᠲᠦᠭᠦᠮ ᠲᠤᠳᠤᠷᠬᠠᠢ᠌ᠯᠠᠯ ᠬᠢᠵᠦ᠂ ᠦᠭᠦᠯᠡᠯ ᠳᠤ ᠭᠤᠤᠯ ᠬᠠᠷᠠᠭᠠᠰᠤ ᠪᠡᠨ ᠲᠤᠲ᠋ᠸᠮ ᠤᠨ ᠠᠮᠢᠲᠠᠳ ᠤᠨ ᠲᠤᠬᠠᠢ ᠲᠦᠷᠦᠯ ᠠᠩᠬᠢᠯᠠᠨ ᠰᠢᠨᠵᠢᠯᠡᠬᠦ ᠳᠡᠭᠡᠷ ᠡ ᠰᠢᠨᠵᠢᠭᠦᠯᠦᠭᠰᠡᠨ ᠪᠠᠢ᠌ᠨ᠎ᠠ᠃ ᠮᠣᠩᠭᠣᠯ ᠶᠠᠰᠤᠲᠠᠳ ᠤᠨ ᠰᠢᠳᠦᠭᠡᠨ ᠪᠤᠯᠤᠭᠰᠠᠨ ᠲᠤᠲ᠋ᠸᠮ ᠤᠤᠨ ᠨᠢ ᠶᠠᠷᠤ ᠠᠮᠢᠲᠠᠨ ᠦ ᠵᠦᠢᠯ ᠪᠠᠢ᠌ᠳᠠᠭ᠃ ᠪᠤᠲᠠᠳᠤ ᠠᠮᠢᠳᠤᠷᠠᠯ ᠲᠤᠮᠲᠠ᠂ ᠤᠪᠤᠭ ᠲᠦᠷᠦᠯ ᠨᠢᠭᠡᠪᠦᠷᠢ ᠨᠢ ᠳᠤᠰ ᠪᠡᠶ ᠡ ᠲᠠᠢ ᠪᠡᠨ ᠨᠢᠭ᠌ᠲᠠ ᠬᠠᠷᠢᠴᠠᠭ᠎ᠠ ᠬᠤᠯᠪᠤᠭ᠎ᠠ ᠪᠦᠬᠦᠢ ᠶᠠᠮᠠᠷ ᠨᠢᠭᠡᠨ ᠠᠮᠢᠲᠠᠨ ᠢ ᠰᠢᠳᠡᠬᠡᠨᠴᠢᠯᠡᠨ ᠦᠵᠡᠵᠦ᠂ ᠦᠪᠡᠷ ᠤᠨ ᠭᠠᠷᠤᠯ ᠢᠷᠡᠯ ᠶᠢᠨᠨ ᠲᠤᠳ ᠲᠤᠲ᠋ᠸᠮ ᠤᠨ ᠠᠮᠢᠲᠠᠨ ᠲᠠᠢ ᠬᠤᠯᠪᠤᠨ ᠰᠡᠳᠬᠢᠵᠦ᠂ ᠲᠤᠲ᠋ᠸᠮ ᠤᠨ ᠠᠮᠢᠲᠠᠨ ᠶᠢᠨᠨ ᠦᠪᠡᠷᠰᠡᠳ ᠤᠨ ᠶᠢᠨᠨ ᠡᠪᠦᠭᠡ ᠳᠡᠭᠡᠳᠦᠰ ᠬᠡᠮᠡᠨ ᠰᠢᠳᠦᠳᠡᠭ᠃ ᠠᠮᠢᠳᠤᠷᠠᠯ ᠤᠨ ᠴᠢᠳᠠᠪᠤᠷᠢ᠂ ᠢᠳᠡ ᠬᠦᠴᠦᠨ ᠦ ᠪᠡᠯᠭᠡᠳᠡᠯ ᠪᠤᠯᠤᠭᠰᠠᠨ ᠠᠷᠢᠶᠠᠳᠠᠨ ᠲᠤᠲ᠋ᠸᠮ ᠪᠠ ᠢᠳᠡᠭᠡᠯ ᠵᠤᠷᠢᠭ᠂ ᠰᠦᠷ ᠰᠦᠯᠳᠡ ᠶᠢᠨ ᠪᠡᠯᠭᠡᠳᠡᠯ ᠪᠤᠯᠤᠭᠰᠠᠨ ᠰᠢᠪᠠᠭᠤᠨ ᠲᠤᠲ᠋ᠸᠮ ᠤᠤᠨ ᠨᠢ ᠤᠪᠤᠭ ᠤᠨ ᠬᠡᠰᠢᠭᠦᠳ ᠤᠨ ᠢᠳᠡᠭᠡᠯ ᠪᠢᠰᠢᠷᠡᠯ ᠢ ᠤᠯᠳᠠᠭ ᠶᠤᠰᠤᠨ ᠲᠠᠢ ᠠᠵᠢ᠃ 
Original Literature View Original Paper
出自 内蒙古师范大学学报 2007年 第4期

联系我们


内蒙古大学图书馆
呼和浩特市大学西路235号
中国·内蒙古
P: (0471) 4992561
E: huangfeilong@imu.edu.cn