Paper Information


Title ᠠᠯᠠᠱᠠ ᠴᠦᠯ ᠦᠨ ᠮᠣᠩᠭᠤᠯ ᠪᠤᠢᠯᠠᠰᠤᠨ ᠤ ᠳᠦᠷᠰᠦ ᠶᠢᠨ ᠰᠦᠷᠦᠭ ᠦᠨ ᠪᠦᠲᠦᠴᠡ ᠬᠢᠭᠡᠳ ᠣᠭᠲᠠᠷᠭᠤᠢ ᠶᠢᠨ ᠲᠠᠷᠬᠠᠯᠲᠠ ᠶᠢᠨ ᠪᠠᠢᠷᠢᠯᠠᠭᠤᠯᠤᠯᠲᠠ
Creator ᠬᠤᠸᠠᠩ ᠰᠢᠶᠤᠤ ᠫᠧᠩ; ᠰᠡᠴᠡᠨᠪᠠᠭᠠᠲᠤᠷ; ᠡᠦ ᠷᠦᠩ
Keyword ᠮᠣᠩᠭᠤᠯ ᠪᠤᠢᠯᠠᠰᠤ; ᠳᠦᠷᠰᠦ ᠶᠢᠨ ᠰᠦᠷᠦᠭ ᠦᠨ ᠪᠦᠲᠦᠴᠡ; ᠣᠭᠲᠠᠷᠭᠤᠢ ᠶᠢᠨ ᠲᠠᠷᠬᠠᠯᠲᠠ ᠶᠢᠨ ᠪᠠᠢᠷᠢᠯᠠᠭᠤᠯᠤᠯᠲᠠ
Abstract ᠬᠡᠭᠡᠷ᠎ᠡ ᠶᠢᠨ ᠪᠠᠢᠴᠠᠭᠠᠯᠲᠠ ᠶᠢᠨ ᠲᠤᠭ᠎ᠠ ᠪᠠᠷᠢᠮᠲᠠ ᠶᠢ ᠦᠨᠳᠦᠰᠦᠯᠡᠵᠦ᠂ ᠠᠯᠠᠯᠱᠠ ᠴᠦᠯ ᠦᠨ ᠣᠷᠤᠨ ᠤ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠬᠦᠳᠡᠯᠦᠩᠭᠦᠢ ᠪᠤᠰᠤ ᠠᠮᠢ ᠶᠢᠨ ᠬᠦᠰᠦᠨᠦᠭᠲᠦ ᠶᠢ ᠵᠤᠬᠢᠶᠠᠵᠤ᠂ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠨᠠᠰᠤ ᠵᠢᠯ ᠦᠨ ᠶᠡᠬᠡ ᠪᠠᠭ᠎ᠠ ᠶᠢᠨ ᠪᠦᠲᠦᠴᠡ ᠶᠢᠨ ᠵᠢᠷᠤᠭ᠂ ᠤᠨᠳᠤᠷᠤᠯᠲᠠ ᠶᠢᠨ ᠨᠤᠷᠮ᠎ᠠ ᠪᠠ ᠦᠬᠦᠬᠦ ᠨᠤᠷᠮ᠎ᠠ ᠶᠢᠨ ᠵᠢᠷᠤᠭ ᠢ ᠣᠯᠬᠤ ᠶᠢᠨ ᠬᠠᠮᠲᠤ᠂ ᠳᠦᠷᠰᠦ ᠶᠢᠨ ᠰᠦᠷᠦᠭ ᠦᠨ ᠣᠭᠲᠠᠷᠭᠤᠢ ᠶᠢᠨ ᠲᠠᠷᠬᠠᠯᠲᠠ ᠶᠢᠨ ᠪᠠᠢᠷᠢᠯᠠᠭᠤᠯᠤᠯᠲᠠ ᠶᠢᠨ ᠰᠤᠳᠤᠯᠭᠠᠨ ᠠᠴᠠ ᠠᠯᠠᠱᠠ ᠴᠦᠯ ᠦᠨ ᠣᠷᠤᠨ ᠤ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠪᠦᠲᠦᠴᠡ ᠶᠢ ᠰᠤᠳᠤᠯᠪᠠ᠃ ᠰᠤᠳᠤᠯᠤᠯᠲᠠ ᠶᠢᠨ ᠦᠷ᠎ᠡ ᠳ᠋ᠦᠩ ᠬᠠᠷᠠᠭᠤᠯᠤᠭᠰᠠᠨ ᠨᠢ᠄ ᠤᠯᠠᠳᠪᠤᠭ᠎ᠠ᠂ ᠤᠯᠠᠭᠠᠨᠴᠤᠨᠵᠢ ᠶᠢᠨ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠲᠦ ᠪᠠᠭ᠎ᠠ ᠨᠠᠰᠤᠨ ᠤ ᠳᠡᠰ ᠪᠡᠦᠳᠡᠯᠦᠭᠰᠡᠨ ᠨᠠᠰᠤᠨ ᠤ ᠳᠡᠰ ᠦᠨ ᠪᠤᠳᠠᠭᠠᠯᠢ ᠪᠡᠶ᠎ᠡ ᠶᠢᠨ ᠲᠤᠭ᠎ᠠ ᠨᠢ ᠴᠦᠬᠡᠨ ᠪᠠᠢᠵᠤ᠂ ᠳᠤᠮᠳᠠ ᠨᠠᠰᠤᠨ ᠤ ᠳᠡᠰ ᠦᠨ ᠪᠤᠲᠠᠭᠠᠯᠢ ᠪᠡᠶ᠎ᠡ ᠶᠢᠨ ᠲᠤᠭ᠎ᠠ ᠨᠢ ᠠᠷᠪᠢᠨ ᠪᠠᠢᠨ᠎ᠠ᠃ ᠳᠦᠷᠰᠦ ᠶᠢᠨ ᠰᠦᠷᠦᠭ ᠦᠨ ᠨᠠᠰᠤ ᠵᠢᠯ ᠦᠨ ᠪᠦᠲᠦᠴᠡ ᠨᠢ ᠲᠤᠭᠲᠠᠪᠤᠷᠢᠲᠠᠢ ᠲᠦᠯᠦᠪ ᠡᠴᠡ ᠤᠷᠤᠭᠤᠳᠠᠬᠤ ᠲᠦᠯᠦᠪ ᠲᠦ ᠬᠠᠨᠳᠤᠪᠠ᠃ ᠬᠤᠶᠠᠷ ᠭᠠᠵᠠᠷ ᠤᠨ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠤᠨᠳᠤᠷᠤᠯᠲᠠ ᠶᠢᠨ ᠨᠤᠷᠮ᠎ᠠ ᠶᠢᠨ ᠵᠢᠷᠤᠮᠠᠭ ᠨᠢ DeveeyⅡ ᠬᠡᠯᠪᠡᠷᠢ ᠪᠡ DeveeyⅡ2 ᠬᠡᠯᠪᠡᠷᠢ ᠳᠦ ᠬᠠᠷᠢᠶᠠᠯᠠᠭᠳᠠᠨ᠎ᠠ᠃ ᠬᠤᠶᠠᠷ ᠭᠠᠵᠠᠷ ᠤᠨ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠣᠭᠲᠠᠷᠭᠤᠢ ᠶᠢᠨ ᠲᠠᠷᠬᠠᠯᠲᠠ ᠶᠢᠨ ᠪᠠᠷᠢᠯᠠᠭᠤᠯᠤᠯᠲᠠ ᠨᠢ ᠪᠦᠷ ᠪᠠᠭᠰᠢᠷᠠᠭᠰᠠᠨ ᠬᠡᠯᠪᠡᠷᠢ ᠳᠦ ᠬᠠᠷᠢᠶᠠᠯᠠᠭᠳᠠᠵᠤ ᠪᠠᠢᠨ᠎ᠠ᠃ ᠪᠡᠯᠴᠢᠭᠡᠷ ᠨᠤᠲᠤᠭ ᠪᠠ ᠮᠠᠯ ᠠᠳᠤᠭᠤᠨ ᠤ ᠲᠡᠩᠴᠡᠭᠦᠷᠢ ᠨᠢ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠲᠤᠭᠲᠠᠪᠤᠷᠢᠲᠠᠢ ᠪᠠᠢᠬᠤ ᠳᠤ ᠴᠢᠬᠤᠯᠠ ᠨᠦᠯᠦᠭᠡ ᠦᠵᠡᠭᠦᠯᠬᠦ ᠶᠢ ᠰᠤᠳᠤᠯᠤᠯᠲᠠ ᠠᠴᠠ ᠮᠡᠳᠡᠪᠡ᠃
Original Literature No Original Paper
出自 内蒙古师范大学学报(自然科学蒙古文版) 2014年 第2期

联系我们


内蒙古大学图书馆
呼和浩特市大学西路235号
中国·内蒙古
P: (0471) 4992561
E: huangfeilong@imu.edu.cn