Paper Information


Title ᠹᠢᠽᠢᠺ ᠤᠨ ᠮᠣᠩᠭᠤᠯ ᠨᠡᠷ᠎ᠡ ᠲᠤᠮᠢᠶᠠᠨ ᠤ ᠬᠦᠭᠵᠢᠯᠲᠡ ᠶᠢᠨ ᠲᠤᠬᠠᠢ ᠲᠤᠪᠴᠢ ᠦᠭᠦᠯᠡᠬᠦ ᠨᠢ
Creator ᠲᠠᠩ ᠸᠧᠨ ᠵᠢᠶᠧ
Keyword ᠹᠢᠽᠢᠺ ᠤᠨ ᠨᠡᠷ᠎ᠡ ᠲᠤᠮᠢᠶ᠎ᠠ; ᠳᠦᠷᠢᠮᠵᠢᠭᠦᠨ ᠬᠡᠷᠡᠭᠯᠡᠬᠦ; ᠨᠡᠷ᠎ᠡ ᠲᠤᠮᠢᠶ᠎ᠠ ᠶᠢ ᠨᠡᠷᠡᠯᠡᠬᠦ ᠵᠠᠷᠴᠢᠮ
Abstract ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦᠨ ᠰᠤᠯᠢᠯᠴᠠᠭ᠎ᠠ ᠪᠠ ᠲᠠᠷᠬᠠᠯᠲᠠ ᠶᠢᠨ ᠠᠴᠢᠶᠠᠯᠠᠭᠴᠢ ᠪᠤᠯᠤᠭᠰᠠᠨ ᠹᠢᠽᠢᠺ ᠤᠨ ᠮᠣᠩᠭᠤᠯ ᠨᠡᠷ᠎ᠡ ᠲᠤᠮᠢᠶ᠎ᠠ ᠶᠢ ᠵᠦᠪ ᠣᠨᠣᠪᠴᠢᠲᠠᠢ ᠪᠠᠷ ᠨᠡᠷᠡᠯᠡᠬᠦ ᠪᠠ ᠳᠦᠷᠢᠮᠵᠢᠭᠦᠨ ᠬᠡᠷᠡᠭᠯᠡᠬᠦ ᠨᠢ ᠲᠤᠢᠯ ᠤᠨ ᠴᠢᠬᠤᠯᠠ ᠠᠴᠢ ᠬᠤᠯᠪᠤᠭᠳᠠᠯ ᠲᠠᠢ ᠶᠤᠮ᠃ 20 ᠳᠤᠭᠠᠷ ᠵᠠᠭᠤᠨ ᠤ ᠳᠤᠯᠠᠭᠠᠨ ᠣᠨ ᠠᠴᠠ ᠡᠮᠦᠨ᠎ᠡ᠂ ᠵᠠᠷᠢᠮ ᠹᠢᠽᠢᠺ ᠤᠨ ᠮᠣᠩᠭᠤᠯ ᠨᠡᠷ᠎ᠡ ᠲᠤᠮᠢᠶ᠎ᠠ ᠶᠢ ᠨᠢᠭᠡᠲᠦᠯ ᠦᠭᠡᠢ ᠪᠤᠶᠤ ᠣᠨᠣᠪᠴᠢ ᠦᠭᠡᠢ ᠬᠡᠷᠡᠭᠯᠡᠵᠦ ᠪᠠᠢᠵᠠᠢ᠃ 20 ᠳᠤᠭᠠᠷ ᠵᠠᠭᠤᠨ ᠤ ᠳᠠᠯᠠᠭᠠᠳ ᠣᠨ ᠠᠴᠠ ᠨᠠᠰᠢ᠂ ᠬᠡᠳᠦᠨ ᠦᠶ᠎ᠡ ᠶᠢᠨ ᠡᠷᠳᠡᠮᠲᠡᠨ ᠮᠡᠷᠭᠡᠵᠢᠯᠲᠡᠳ ᠦᠨ ᠴᠦᠭᠦᠷᠡᠯ ᠦᠭᠡᠢ ᠴᠢᠷᠮᠠᠢᠯᠭ᠎ᠠ ᠪᠠᠷ ᠹᠢᠽᠢᠺ ᠤᠨ ᠮᠣᠩᠭᠤᠯ ᠨᠡᠷ᠎ᠡ ᠲᠤᠮᠢᠶ᠎ᠠ ᠶᠢ ᠨᠡᠯᠢᠶᠡᠳ ᠳᠦᠷᠢᠮᠵᠢᠭᠦᠨ ᠪᠤᠯᠵᠤ᠂ ᠴᠡᠴᠡᠭᠯᠡᠨ ᠬᠦᠭᠵᠢᠬᠦ ᠱᠠᠲᠤᠨ ᠳᠤ ᠪᠠᠨ ᠣᠷᠤᠵᠠᠢ᠃ ᠭᠡᠪᠡᠴᠦ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦᠨ ᠣᠷᠤᠨᠲᠠᠢ ᠲᠦᠷᠭᠡᠨ ᠬᠦᠭᠵᠢᠯᠲᠡ ᠪᠡ ᠬᠦᠮᠦᠰ ᠦᠨ ᠲᠠᠨᠢᠯᠲᠠ ᠶᠢᠨ ᠭᠦᠨᠵᠡᠭᠡᠶᠢᠷᠡᠬᠦ ᠶᠢ ᠳᠠᠭᠠᠯᠳᠤᠨ ᠵᠠᠷᠢᠮ ᠨᠡᠷ᠎ᠡ ᠲᠤᠮᠢᠶᠠᠨ ᠤ ᠤᠳᠬ᠎ᠠ ᠨᠢ ᠬᠤᠪᠢᠷᠠᠵᠤ ᠮᠡᠳᠡᠬᠦ ᠪᠤᠶᠤ ᠵᠠᠷᠢᠮ ᠨᠡᠷ᠎ᠡ ᠲᠤᠮᠢᠶ᠎ᠠ ᠨᠢ ᠤᠬᠠᠭᠳᠠᠬᠤᠨ ᠢᠶᠠᠨ ᠵᠦᠪ ᠣᠨᠣᠪᠴᠢᠲᠠᠢ ᠳᠤᠰᠬᠠᠵᠤ ᠳᠡᠢᠯᠦᠭᠰᠡᠨ ᠦᠭᠡᠢ ᠪᠤᠯ ᠡᠳᠡᠭᠡᠷ ᠨᠡᠷ᠎ᠡ ᠲᠤᠮᠢᠶ᠎ᠠ ᠶᠢ ᠨᠡᠷ᠎ᠡ ᠲᠤᠮᠢᠶ᠎ᠠ ᠶᠢ ᠨᠡᠷᠡᠯᠡᠬᠦ ᠵᠠᠷᠴᠢᠮ ᠢ ᠦᠨᠳᠦᠰᠦᠯᠡᠨ ᠦᠭᠡᠷᠡᠴᠢᠯᠡᠨ ᠬᠦᠭᠵᠢᠭᠦᠯᠬᠦ ᠬᠡᠷᠡᠭᠲᠡᠢ᠃ ᠬᠡᠷᠡᠭᠯᠡᠯᠲᠡ ᠳᠤᠮᠳᠠ ᠵᠠᠷᠢᠮ ᠨᠡᠷ᠎ᠡ ᠲᠤᠮᠢᠶ᠎ᠠ ᠶᠢ ᠵᠠᠰᠠᠬᠤ ᠨᠢ ᠬᠡᠯᠡᠨ ᠦ ᠬᠦᠭᠵᠢᠯᠲᠡ ᠶᠢᠨ ᠵᠢᠮ᠎ᠡ ᠶᠤᠰᠤᠨ ᠳᠤ ᠨᠡᠢᠴᠡᠬᠦ ᠪᠦᠭᠡᠳ ᠨᠡᠷ᠎ᠡ ᠲᠤᠮᠢᠶ᠎ᠠ ᠶᠢ ᠬᠦᠭᠵᠢᠭᠦᠯᠬᠦ ᠶᠢᠨ ᠨᠢᠭᠡ ᠴᠢᠬᠤᠯᠠ ᠠᠷᠭ᠎ᠠ ᠵᠠᠮ ᠪᠤᠯᠬᠤ ᠶᠤᠮ᠃
Original Literature No Original Paper
出自 内蒙古师范大学学报(自然科学蒙古文版) 2012年 第4期

联系我们


内蒙古大学图书馆
呼和浩特市大学西路235号
中国·内蒙古
P: (0471) 4992561
E: huangfeilong@imu.edu.cn