Paper Information


Title ᠮᠣᠩ᠋ᠭᠤᠯᠵᠢᠭᠤ ᠬᠡᠮᠵᠢᠶᠡᠲᠦ ᠰᠢᠯᠦᠭ ᠦᠨ ᠰᠠᠨᠠᠭ᠎ᠠ ᠠᠬᠤᠢ ᠶᠢᠨ ᠭᠤᠤ᠎ᠠ ᠰᠠᠢ᠌ᠬᠠᠨ ᠤ ᠲᠤᠭᠲᠠᠯᠴᠠᠭ᠎ᠠ
Creator ᠬᠠᠢ᠌ᠷᠬᠠᠨ
Keyword
Abstract ᠲᠤᠰ ᠦᠭᠦᠯᠡᠯ ᠳᠦ ᠂ ᠵᠤᠬᠢᠶᠠᠭᠴᠢ ᠠᠴᠠ ᠡᠷᠳᠡᠮᠲᠡᠳ ᠦᠨ ᠰᠠᠨᠠᠭ᠎ᠠ ᠠᠬᠤᠢ ᠬᠡᠮᠡᠬᠦ ᠭᠤᠤ᠎ᠠ ᠰᠠᠢ᠌ᠬᠠᠨ ᠤ ᠠᠢ ᠳᠤ ᠬᠢᠭ᠍ᠰᠡᠨ ᠣᠨᠣᠯ ᠰᠢᠨᠵᠢᠯᠡᠯ ᠢ ᠦᠨᠳᠦᠰᠦᠯᠡᠨ ᠮᠣᠩ᠋ᠭᠤᠯᠵᠢᠭᠤ ᠬᠡᠮᠵᠢᠶᠡᠲᠦ ᠰᠢᠯᠦᠭ ᠦᠨ ᠰᠠᠨᠠᠭ᠎ᠠ ᠠᠬᠤᠢ ᠶᠢᠨ ᠭᠤᠤ᠎ᠠ ᠰᠠᠢ᠌ᠬᠠᠨ ᠤ ᠲᠤᠬᠠᠢ ᠲᠤᠷᠰᠢᠨ ᠦᠭᠦᠯᠡᠭᠰᠡᠨ ᠪᠠᠢ᠌ᠨ᠎ᠠ᠃ ᠵᠤᠬᠢᠶᠠᠭᠴᠢ ᠠᠴᠠ 《ᠦᠵᠡᠮᠵᠢ ᠰᠡᠳᠬᠢᠯᠭᠡ ᠶᠢᠨ ᠠᠭᠤᠰᠤᠯᠳᠤᠯ》ᠪᠤᠯ ᠮᠣᠩ᠋ᠭᠤᠯᠵᠢᠭᠤ ᠬᠡᠮᠵᠢᠶᠡᠲᠦ ᠰᠢᠯᠦᠭ ᠦᠨ ᠰᠠᠨᠠᠭ᠎ᠠ ᠠᠬᠤᠢ ᠶᠢᠨ ᠰᠠᠢ᠌ᠬᠠᠨ ᠤ ᠦᠨᠳᠦᠰᠦᠨ ᠣᠨᠴᠠᠯᠢᠭ ᠪᠤᠯᠬᠤ ᠲᠤᠯᠠ ᠡᠮᠦᠨᠡᠬᠢ ᠬᠦᠮᠦᠰ ᠡᠭᠦᠨ ᠳᠦ ᠠᠩ᠋ᠬᠠᠷᠤᠯ ᠢᠶᠠᠨ ᠢᠯᠡᠭᠦᠦ ᠲᠠᠯᠪᠢᠵᠤ᠂ ᠲᠡᠭᠦᠨ ᠦ ᠡᠩ ᠦᠨ ᠳᠦᠷᠢ ᠳᠦᠷᠰᠦᠯᠡᠯ ᠵᠢᠴᠢ ᠰᠠᠨᠠᠭ᠎ᠠ ᠳᠦᠷᠢ ᠡᠴᠡ ᠢᠯᠭᠠᠭᠳᠠᠬᠤ ᠦᠪᠡᠷᠮᠢᠴᠡ ᠣᠨᠴᠠᠯᠢᠭ ᠢ ᠲᠤᠳᠤᠷᠬᠠᠢ᠌ᠯᠠᠵᠤ ᠡᠰᠡ ᠴᠢᠳᠠᠯ᠎ᠠ ᠭᠡᠵᠦ ᠦᠵᠡᠭᠡᠳ᠂ ᠮᠣᠩ᠋ᠭᠤᠯᠵᠢᠭᠤ ᠬᠡᠮᠵᠢᠶᠡᠲ ᠰᠢᠯᠦᠭ ᠦᠨ ᠰᠠᠨᠠᠭ᠎ᠠ ᠠᠬᠤᠢ ᠶᠢᠨ ᠦᠪᠡᠷᠮᠢᠴᠡ ᠭᠤᠤ᠎ᠠ ᠰᠠᠢ᠌ᠬᠠᠨ ᠨᠢ 《ᠳᠦᠷᠢ ᠶᠢᠨ ᠭᠠᠳᠠᠨ᠎ᠠ ᠠᠬᠤᠢ ᠪᠦᠲᠦᠬᠦ》ᠣᠨᠴᠠᠯᠢᠭ ᠲᠤ ᠨᠡᠩ ᠲᠦᠪᠯᠡᠷᠡᠨ ᠢᠯᠡᠷᠡᠵᠦ ᠪᠤᠢ ᠬᠡᠮᠡᠨ ᠳᠤᠷᠠᠳᠴᠤ᠂ ᠴᠢᠨᠠᠭᠰᠢᠲᠠ ᠣᠯᠠᠨ ᠳᠠᠪᠬᠤᠷᠭᠠᠯᠢᠭ ᠰᠢᠨᠵᠢ᠂ ᠣᠷᠤᠨ ᠵᠠᠢ ᠶᠢᠨ ᠭᠤᠤ᠎ᠠ ᠰᠠᠢ᠌ᠬᠠᠨ᠂ ᠳᠦᠷᠢ ᠶᠢᠨ ᠭᠠᠳᠠᠨᠠᠬᠢ ᠰᠠᠨᠠᠭ᠎ᠠ ᠮᠡᠲᠦ ᠣᠯᠠᠨ ᠲᠠᠯ᠎ᠠ ᠠᠴᠠ ᠰᠦᠪᠡᠭ᠍ᠴᠢᠯᠡᠨ ᠪᠠᠲᠤᠯᠠᠪᠠ᠃ ᠭᠡᠬᠦ ᠳᠡᠭᠡᠨ᠂ ᠦᠵᠡᠮᠵᠢ ᠰᠡᠳᠬᠢᠯᠭᠡ ᠶᠢᠨ ᠠᠭᠤᠰᠤᠯᠳᠤᠯ ᠢᠶᠠᠷ ᠳᠦᠷᠢ ᠶᠢᠨ ᠭᠠᠳᠠᠨᠠᠬᠢ ᠠᠬᠤᠢ ᠶᠢ ᠪᠦᠲᠦᠭᠡᠬᠦ ᠳᠦ ᠴᠢᠬᠤᠯᠠ ᠨᠢᠭᠡ ᠠᠷᠭ᠎ᠠ ᠪᠠᠷᠢᠯ ᠨᠢ 《ᠴᠤᠬᠤᠮ ᠪᠢᠴᠢᠯᠭᠡ》ᠪᠡ 《ᠬᠦᠨᠳᠡᠢ ᠪᠢᠴᠢᠯᠭᠡ》᠋ ᠶᠢ ᠤᠶᠠᠯᠳᠤᠭᠤᠯᠬᠤ ᠶᠠᠪᠤᠳᠠᠯ ᠪᠤᠯᠤᠨ᠎ᠠ ᠭᠡᠵᠦ ᠵᠤᠬᠢᠶᠠᠭᠴᠢ ᠦᠵᠡᠵᠡᠢ᠃ ᠡᠭᠦᠨ ᠦ ᠰᠠᠭᠤᠷᠢᠨ ᠳᠤ ᠵᠤᠬᠢᠶᠠᠭᠴᠢ ᠠᠴᠠ ᠮᠣᠩ᠋ᠭᠤᠯᠵᠢᠭᠤ ᠬᠡᠮᠵᠢᠶᠡᠲᠦ ᠰᠢᠯᠦᠭ ᠦᠨ ᠰᠠᠨᠠᠭ᠎ᠠ ᠠᠬᠤᠢ ᠶᠢᠨ ᠭᠤᠤ᠎ᠠ ᠰᠠᠢ᠌ᠬᠠᠨ ᠤ ᠲᠦᠯᠦᠪ ᠢ ᠬᠦᠳᠡᠯᠦᠩᠭᠦᠢ ᠭᠤᠤ᠎ᠠ᠂ ᠨᠠᠮᠵᠢᠭᠤᠨ ᠭᠤᠤ᠎ᠠ᠂ ᠪᠦᠲᠡᠬᠢ ᠭᠤᠤ᠎ᠠ ᠭᠡᠵᠦ ᠭᠤᠷᠪᠠᠨ ᠵᠤᠢ᠌ᠯ ᠳᠤ ᠬᠤᠪᠢᠶᠠᠨ ᠰᠢᠨᠵᠢᠯᠡᠭᠰᠡᠨ ᠪᠠᠢ᠌ᠨ᠎ᠠ᠃
Original Literature No Original Paper
出自 内蒙古大学学报 1999年 第3期

联系我们


内蒙古大学图书馆
呼和浩特市大学西路235号
中国·内蒙古
P: (0471) 4992561
E: huangfeilong@imu.edu.cn