Title |
ᠬᠡᠯᠡ ᠪᠢᠴᠢᠭ ᠤᠨ ᠬᠢᠴᠢᠶᠡᠯ ᠤᠨ ᠺᠤᠨ᠋ᠰᠫᠸᠺᠲ ᠵᠢ ᠬᠡᠷᠬᠢᠨ ᠪᠢᠴᠢᠬᠦ ᠵᠢ ᠦᠭᠦᠯᠡᠬᠦ ᠨᠢ |
Creator |
ᠮᠠᠨᠳᠤᠯ ᠠ |
Keyword |
ᠬᠡᠯᠡ ᠪᠢᠴᠢᠭ ᠤᠨ ᠬᠢᠴᠢᠶᠡᠯ ;ᠺᠤᠨ᠋ᠰᠫᠸᠺᠲ;ᠬᠡᠷᠬᠢᠨ ᠪᠢᠴᠢᠬᠦ |
Abstract |
ᠪᠠᠭᠰᠢ ᠪᠣᠯᠤᠭᠰᠠᠳ ᠲᠦ ᠠᠪᠴᠦ ᠬᠡᠯᠡᠪᠡᠯ ᠺᠤᠨ᠋ᠰᠫᠸᠷᠲ ᠨᠢ ᠡᠳᠦᠷ ᠲᠤᠳᠤᠮ ᠤᠨ ᠠᠵᠢᠯ ᠳ᠋ᠠᠭᠠᠨ ᠦᠷᠬᠦᠯᠵᠢ ᠪᠢᠴᠢᠵᠦ ᠪᠠᠢᠳᠠᠭ ᠨᠢᠭᠡ ᠵᠦᠢᠯ ᠤᠨ ᠬᠡᠷᠡᠭᠯᠡᠭᠡᠨ ᠤ ᠵᠣᠬᠢᠶᠠᠯ ᠪᠣᠯᠤᠨ᠎ᠠ᠃ᠺᠤᠨ᠋ᠰᠫᠸᠷᠲ ᠨᠢ ᠪᠠᠭᠰᠢ ᠨᠠᠷ ᠤᠨ ᠬᠢᠴᠢᠶᠡᠯ ᠪᠡᠯᠡᠳᠭᠡᠯ ᠤᠨ ᠬᠢᠨᠢ ᠤᠬᠢ ᠰᠢᠮ ᠡ ᠪᠣᠯᠬᠤ ᠪᠦᠭᠡᠳ ᠬᠢᠴᠢᠶᠡᠯ ᠬᠦᠮᠦᠵᠢᠯ ᠬᠢᠬᠦ ᠳ᠋ᠤᠨᠢ ᠲᠤᠳᠠᠭᠳᠠᠵᠤ ᠪᠣᠯᠤᠰᠢ ᠦᠭᠡᠢ ᠰᠠᠨᠠᠭᠤᠯᠤᠮᠵᠢ ᠶᠢᠨ ᠪᠢᠴᠢᠭ ᠪᠣᠯᠳᠠᠭ ᠰᠠᠨ᠃ ᠬᠢᠴᠢᠶᠡᠯ ᠬᠦᠮᠦᠵᠢᠯ ᠪᠣᠯ ᠨᠢᠭᠡᠨ ᠵᠣᠷᠢᠯᠭ᠎ᠠ ᠲᠠᠢ᠂ ᠲᠦᠯᠦᠪᠯᠡᠭᠡ ᠲᠠᠢ᠂ ᠠᠯᠬᠤᠮ ᠲᠠᠷᠠᠭ᠎ᠠ ᠲᠠᠢ ᠠᠵᠢᠯᠯᠠᠭ᠎ᠠ ᠪᠣᠯᠬᠤ ᠤᠴᠢᠷ ᠪᠠᠭᠰᠢ ᠨᠠᠷ ᠬᠢᠴᠢᠶᠡᠯ ᠪᠡᠯᠡᠳᠭᠡᠬᠦ ᠳ᠋ᠡᠭᠡᠨ ᠵᠠᠪᠠᠯ ᠪᠦᠬᠦ ᠲᠠᠯ ᠠ ᠵᠢ ᠪᠣᠳᠤᠯᠬᠢᠯᠠᠬᠤ ᠴᠢᠬᠤᠯᠠᠳᠠᠢ ᠪᠠᠢᠳᠠᠭ᠃ ᠪᠣᠳᠠᠳᠠᠢ ᠪᠡᠷ ᠬᠡᠯᠡᠪᠡᠯ ᠰᠤᠷᠤᠭᠴᠢᠳ ᠲᠤ ᠲᠤᠰ ᠬᠢᠴᠢᠶᠡᠯ ᠢ ᠵᠢᠭᠠᠬᠤ ᠵᠣᠷᠢᠯᠭ᠎ᠠ ᠨᠢ ᠶᠠᠭᠤ ᠪᠣᠯᠬᠤ᠂ ᠶᠠᠮᠠᠷ ᠲᠠᠯ ᠠ ᠶᠢᠨ ᠮᠡᠳᠡᠯᠭᠡ ᠵᠢ ᠬᠦᠷᠲᠡᠭᠡᠬᠦ᠂ ᠶᠠᠮᠠᠷ ᠴᠢᠳᠠᠪᠤᠷᠢ ᠵᠢ ᠬᠦᠮᠦᠵᠢᠭᠦᠯᠬᠦ᠂ ᠶᠠᠭᠠᠬᠢᠪᠠᠯ ᠲᠡᠳᠡᠨ ᠤ ᠤᠶᠤᠨ ᠤᠬᠠᠭᠠᠨ ᠢ ᠨᠢ ᠭᠦᠭᠵᠢᠬᠦᠯᠵᠦ ᠴᠢᠳᠠᠬᠤ᠂ ᠠᠯᠢ ᠨᠢᠭᠡ ᠬᠡᠯᠬᠢᠶ ᠡ ᠵᠠᠩᠬᠢᠯᠠᠭ᠎ᠠ ᠵᠢ ᠨᠢ ᠠᠳᠬᠤᠵᠤ ᠰᠤᠷᠤᠭᠴᠢᠳ ᠲᠦ ᠦᠵᠡᠯ ᠰᠠᠨᠠᠭᠠᠨ ᠤ ᠬᠦᠮᠦᠵᠢᠯ ᠬᠢᠬᠦ ᠵᠡᠷᠭᠡ ᠵᠢ ᠪᠣᠳᠤᠯᠬᠢᠯᠠᠨ᠂ ᠡᠳᠡᠭᠡᠷ ᠵᠣᠷᠢᠯᠭ᠎ᠠ ᠱᠠᠭᠠᠷᠳᠠᠯᠭ᠎ᠠ ᠤᠳ ᠢ ᠪᠡᠶᠡᠯᠡᠬᠦᠯᠬᠦ ᠡᠭᠦᠳᠡᠨ ᠡᠴᠡ ᠤᠴᠢᠵᠦ ᠪᠦᠬᠦᠢᠯᠡ ᠵᠢᠭᠠᠤ ᠶᠠᠪᠤᠴᠠ ᠪᠠᠨ ᠲᠦᠯᠦᠪᠯᠡᠵᠦ ᠲᠣᠬᠢᠷᠠᠭᠤᠯᠲᠠᠭ ᠪᠠᠢᠨ᠎ᠠ᠃ ᠡᠳᠡᠭᠡᠷ ᠠᠭᠤᠯᠭ᠎ᠠ ᠵᠢ ᠵᠦᠪᠬᠡᠨ ᠲᠠᠷᠢᠬᠢᠨ ᠳ᠋ᠠᠭᠠᠨ ᠪᠣᠳᠤᠵᠤ ᠲᠠᠯᠪᠢᠭᠠᠳ ᠯᠡ ᠪᠣᠯᠬᠤ ᠪᠢᠰᠢ ᠦᠰᠦᠭ ᠪᠢᠴᠢᠭ ᠢᠢᠡᠷ ᠪᠢᠴᠢᠵᠤ ᠲᠤᠤᠱᠯᠠᠭᠤᠯᠬᠤ ᠬᠡᠷᠡᠭᠲᠡᠢ᠃ ᠢᠩᠬᠢᠵᠦ ᠪᠢᠴᠢᠵᠦ ᠭᠠᠷᠭᠠᠭᠰᠠᠨ ᠨᠢ ᠲᠠᠷᠤᠢ ᠺᠤᠨᠰᠫᠸᠺᠲ ᠪᠣᠯᠤᠨ᠎ᠠ᠃
|
Original Literature |
No Original Paper
|
出自 |
内蒙古师范大学学报
1988年
第1期
|