Paper Information


Title ᠬᠤᠷᠴᠢᠨ ᠤ ᠭᠠᠵᠠᠷ ᠤᠨ ᠨᠡᠷ ᠡ ᠳᠡᠬᠢ ᠱᠠᠰᠢᠨ ᠰᠢᠳᠦᠯᠭᠡ ᠵᠢᠨ ᠰᠣᠶᠤᠯ
Creator ᠪᠣᠣ ᠵᠢᠨ ᠬᠤᠸᠠ
Keyword ᠬᠤᠷᠴᠢᠨ; ᠭᠠᠵᠠᠷ ᠤᠨ ᠨᠡᠷ ᠡ; ᠱᠠᠰᠢᠨ ᠰᠢᠳᠦᠯᠭᠡ
Abstract ᠭᠠᠵᠠᠷ ᠤᠨ ᠨᠡᠷ ᠪᠣᠯ ᠦᠭᠡᠰ ᠤᠨ ᠰᠠᠩ ᠤᠨ ᠴᠢᠬᠤᠯᠠ ᠨᠢᠭᠡ ᠪᠦᠷᠢᠯᠳᠦᠭᠦᠨ ᠬᠡᠰᠡᠭ ᠪᠠᠶᠢᠵᠤ᠂ ᠬᠡᠯᠡᠨ ᠤ ᠴᠣᠭᠴᠠᠰ ᠤᠨ ᠳᠣᠲᠤᠷ ᠠ ᠬᠡᠯᠡᠨ ᠤ ᠦᠭᠡᠰ ᠤᠨ ᠰᠠᠩ ᠪᠣᠯ ᠬᠠᠮᠤᠭ ᠤᠨ ᠰᠤᠷᠭᠤᠭ ᠡᠰ ᠪᠣᠯᠤᠨ᠌ ᠠ᠃ ᠮᠦᠨ ᠴᠦ ᠨᠡᠶᠢᠭᠡᠮ ᠰᠣᠶᠤᠯ ᠤᠨ ᠨᠦᠯᠦᠭᠡ ᠵᠢ ᠬᠠᠮᠤᠭ ᠤᠨ ᠠᠮᠠᠷᠬᠠᠨ ᠬᠦᠷᠲᠡᠳᠡᠭ ᠪᠠᠶᠢᠨ᠌ ᠠ᠃ ᠭᠠᠵᠠᠷ ᠤᠨ ᠨᠡᠷ ᠡ ᠨᠢ ᠮᠦᠨ ᠴᠦ ᠨᠢᠭᠡ ᠵᠦᠢᠯ ᠤᠨ ᠨᠡᠶᠢᠭᠡᠮ ᠤᠨ ᠦᠵᠡᠭᠳᠡᠯ ᠪᠠᠶᠢᠵᠤ᠂ ᠦᠨᠳᠦᠰᠦᠲᠡᠨ ᠤ ᠤᠷᠠᠯᠢᠭ᠂ ᠣᠷᠤᠨ ᠨᠤᠲᠤᠭ ᠤᠨ ᠣᠨᠴᠠᠯᠢᠭ᠂ ᠴᠠᠭ ᠦᠶ ᠡ ᠵᠢᠨ ᠣᠨᠴᠠᠯᠢᠭ ᠲᠠᠢ ᠪᠠᠶᠢᠵᠤ᠂ ᠲᠣᠬᠠᠢ ᠵᠢᠨ ᠣᠷᠤᠨ ᠨᠤᠲᠤᠭ ᠤᠨ ᠬᠡᠯᠡ ᠶᠠᠷᠢᠶᠠᠨ ᠤ ᠦᠪᠡᠷᠮᠢᠴᠡ ᠣᠨᠴᠠᠯᠢᠭ ᠢ ᠵᠣᠬᠢᠬᠤ ᠲᠠᠯ ᠠ ᠪᠡᠷ ᠲᠤᠰᠭᠠᠳᠠᠭ ᠶᠤᠮ᠃ ᠭᠠᠵᠠᠷ ᠤᠨ ᠨᠡᠷ ᠡ ᠵᠢᠨ ᠣᠨᠴᠠᠯᠢᠭ᠂ ᠡᠭᠦᠰᠦᠯ ᠢᠷᠡᠯ᠂ ᠬᠣᠪᠢᠷᠠᠯ ᠰᠣᠯᠢᠭᠳᠠᠯ ᠨᠢ ᠲᠣᠬᠠᠢ ᠵᠢᠨ ᠭᠠᠵᠠᠷ ᠣᠷᠤᠨ ᠤ ᠰᠠᠭᠤᠭᠠᠯᠢ ᠣᠷᠤᠨ ᠤ ᠠᠳᠠᠯᠢ ᠪᠣᠰᠤ ᠲᠡᠦᠬᠡᠲᠦ ᠴᠠᠭ ᠦᠶ ᠡ ᠳᠡᠭᠢ ᠠᠳᠠᠯᠢ ᠪᠣᠰᠤ ᠵᠢᠨ ᠰᠣᠶᠤᠯ ᠰᠡᠳᠭᠢᠯᠭᠡᠨ ᠢ ᠲᠤᠰᠭᠠᠵᠤ ᠪᠠᠶᠢᠳᠠᠭ᠃ ᠦᠭᠦᠯᠡᠯ ᠳᠤ ᠬᠡᠯᠡ ᠰᠣᠶᠤᠯ ᠤᠨ ᠤᠶᠠᠯᠳᠤᠮᠵᠢ ᠵᠢᠨ ᠵᠠᠷᠴᠢᠮ ᠢ ᠪᠠᠷᠢᠮᠲᠠᠯᠠᠵᠤ᠂ ᠬᠤᠷᠴᠢᠨ ᠤ ᠭᠠᠵᠠᠷ ᠤᠨ ᠨᠡᠷ ᠡ ᠳᠤ ᠲᠤᠰᠭᠠᠭᠳᠠᠵᠤ ᠪᠠᠶᠢᠭ᠋ ᠠ ᠱᠠᠰᠢᠨ ᠰᠢᠳᠦᠯᠭᠡ ᠵᠢᠨ ᠤᠯᠠ ᠮᠦᠷ ᠢ ᠡᠷᠢᠯᠬᠢᠯᠡᠬᠦ ᠵᠢ ᠵᠣᠷᠢᠪᠠ᠃
Original Literature View Original Paper
出自 内蒙古民族大学学报(社会科学) 2006年 第1期

联系我们


内蒙古大学图书馆
呼和浩特市大学西路235号
中国·内蒙古
P: (0471) 4992561
E: huangfeilong@imu.edu.cn