Paper Information


Title ᠠᠷᠤ ᠬᠤᠷᠴᠢᠨ ᠦ ᠴᠠᠭᠠᠨ ᠬᠤᠲᠠ ᠶᠢᠨ ᠪᠠᠭᠤᠷᠢ ᠶᠢᠨ ᠲᠠᠪᠬᠤᠷ ᠬᠠᠭᠠᠯᠭ᠎ᠠ ᠶᠢᠨ ᠤᠯᠠᠮᠵᠢᠯᠠᠯ᠄ ᠴᠤᠯᠴᠤᠭ᠌ ᠤᠨ ᠪᠠᠷᠢᠯᠭ᠎ᠠ ᠶᠢᠨ ᠲᠡᠦᠬᠡᠨ ᠵᠠᠯᠭᠠᠯᠴᠠᠭ᠎ᠠ ᠪᠠ ᠮᠣᠩᠭᠣᠯ  ᠤᠨ ᠬᠤᠲᠠ ᠶᠢᠨ ᠰᠤᠶᠤᠯ ᠤᠨ ᠳᠡᠰᠤᠷᠠᠯᠲᠠ
Creator ᠳᠡᠭᠦᠰᠪᠠᠶᠠᠷ
Keyword ᠴᠠᠭᠠᠨ ᠬᠤᠲᠠ; ᠴᠤᠯᠴᠤᠭ᠌; ᠮᠣᠩᠭᠣᠯ ᠦᠨᠳᠦᠷᠯᠢᠭ᠌ ᠤᠨ ᠤᠯᠠᠮᠵᠢᠯᠠᠯ
Abstract ᠠᠷᠤ ᠬᠤᠷᠴᠢᠨ ᠦ ᠴᠠᠭᠠᠨ ᠬᠤᠲᠠ ᠶᠢᠨ ᠪᠠᠭᠤᠷᠢ ᠶᠢᠨ ᠬᠤᠲᠠ ᠶᠢᠨ ᠬᠡᠷᠡᠮ ᠨᠢ ᠲᠠᠪᠬᠤᠷ ᠬᠡᠷᠡᠮ᠂ ᠲᠠᠪᠬᠤᠷ ᠡᠭᠦᠳᠡ ᠲᠠᠢ ᠪᠠᠢ᠌ᠳᠠᠭ᠃ ᠡᠢᠮᠦ ᠬᠡᠯᠪᠡᠷᠢ ᠶᠢᠨ ᠡᠭᠦᠳᠡ  ᠶᠢ ᠮᠣᠩᠭᠣᠯ ᠶᠢᠨᠷ 《ᠴᠤᠯᠴᠤᠭ᠌ 》 ᠬᠡᠵᠦ᠂ ᠬᠢᠲᠠᠳ ᠶᠢᠨᠷ 《ᠸᠸᠩ ᠴᠸᠩ》ᠬᠡᠳᠡᠭ᠃ ᠴᠤᠯᠴᠤᠭ᠌  ᠤᠨ ᠪᠠᠷᠢᠯᠭ᠎ᠠ ᠶᠢ 5 ᠋ ᠳᠤᠭᠠᠷ ᠵᠠᠭᠤᠨ ᠦ ᠦᠶ ᠡ ᠶᠢᠨ ᠬᠠᠬᠠᠯᠠᠢ᠌ᠨ ᠪᠤᠢ᠌ᠳᠪᠦᠢ᠌ᠳ ᠤᠨ ᠪᠠᠢᠭᠤᠯᠤᠭᠰᠠᠨ ᠲᠦᠪ ᠲᠦᠮᠡᠨ ᠬᠤᠲᠠ ᠶᠢᠨ ᠬᠡᠷᠡᠮ ᠳᠤ ᠠᠩᠬ᠎ᠠ ᠢᠯᠡᠷᠡᠪᠡ᠃ ᠬᠠᠬᠠᠯᠠᠢ᠌ᠨ ᠪᠤᠢ᠌ᠳᠪᠦᠢ᠌ᠳ ᠪᠤ; ᠶᠡᠬᠡ ᠭᠠ ᠤᠯᠤᠰ ᠢ ᠪᠠᠢᠭᠤᠯᠤᠭᠰᠠᠨ ᠬᠤᠩᠨᠤᠤ ᠶᠢᠨ ᠬᠤᠢ᠌ᠴᠢᠰ ᠮᠦᠨ ᠲᠤᠯᠤ ᠴᠤᠯᠴᠤᠭ᠌ ᠤᠨ ᠪᠠᠷᠢᠯᠭ᠎ᠠ ᠶᠢᠨ ᠬᠡᠯᠪᠡᠷᠢ ᠨᠢ ᠬᠤᠩᠨᠤᠤ ᠡᠴᠡ ᠭᠠᠷᠤᠯ ᠲᠠᠢ ᠪᠤᠯᠤᠨ᠎ᠠ᠃ ᠴᠤᠯᠴᠤᠭ᠌ ᠤᠨ ᠪᠠᠷᠢᠯᠭ᠎ᠠ ᠨᠢ ᠬᠢᠲᠡᠳ ᠤᠨ ᠲᠠᠪᠤᠨ ᠲᠦᠷᠦ᠂ ᠰᠦᠩ ᠤᠯᠤᠰ ᠤᠨ ᠦᠶ ᠡ ᠳᠤ ᠰᠠᠶ᠍ᠢ ᠳᠤᠮᠳᠠᠳᠤ ᠬᠢᠵᠠᠭᠠᠷ ᠲᠤ ᠤᠯᠠᠮᠵᠢᠯᠠᠭᠳᠠᠪᠠ᠃ ᠮᠣᠩᠭᠣᠯ ᠦᠨᠳᠦᠷᠯᠢᠭ ᠲᠤ ᠮᠣᠩᠭ᠋ᠣᠯᠴᠣᠳ ᠳᠡᠭᠦᠨ ᠢ ᠤᠢᠭᠤᠷ᠂ ᠬᠢᠲᠠᠨ ᠶᠢᠨᠷ ᠳᠡᠮᠵᠢᠭᠤᠯᠵᠤ ᠤᠮᠠᠷᠠᠳᠤ ᠶᠤᠸᠠᠨ ᠬᠦᠷᠳᠡᠯ ᠠ ᠤᠯᠠᠮᠵᠢᠯᠠᠪᠠ᠃ ᠯᠢᠭᠳᠡᠨ ᠬᠠᠭᠠᠨ ᠦ ᠨᠡᠢ᠌ᠰᠯᠠᠯ ᠶᠢᠨᠷ ᠳᠤᠳᠤᠯᠠᠭᠳᠠᠵᠤ ᠪᠠᠢ᠌ᠭ᠎ᠠ ᠠᠷᠤ ᠬᠤᠷᠴᠢᠨ ᠦ ᠴᠠᠭᠠᠨ ᠬᠤᠲᠠ ᠶᠢᠨ ᠪᠠᠭᠤᠷᠢ ᠨᠢ ᠮᠣᠩᠭᠣᠯ ᠦᠨᠳᠦᠷᠯᠢᠭ᠌ ᠤᠨ ᠴᠤᠯᠴᠤᠭ᠌ ᠤᠨ ᠤᠯᠠᠮᠵᠢᠯᠠᠯ ᠤᠨ ᠲᠡᠦᠬᠡ ᠶᠢᠨ ᠡᠴᠤᠰᠯᠠᠯ ᠪᠠ ᠮᠣᠩᠭ᠋ᠣᠯᠴᠣᠳ ᠤᠨ ᠬᠤᠲᠠ ᠶᠢᠨ ᠰᠤᠶᠤᠯ ᠤᠨ ᠤᠯᠠᠮᠵᠢᠯᠠᠯ ᠤᠨ ᠲᠡᠦᠬᠡ ᠶᠢᠨ ᠲᠠᠰᠤᠷᠠᠯᠲᠠ ᠶᠢ ᠬᠠᠷᠢᠭᠤᠯᠪᠠ᠃
Original Literature View Original Paper
出自 内蒙古大学学报 2009年 第6期

联系我们


内蒙古大学图书馆
呼和浩特市大学西路235号
中国·内蒙古
P: (0471) 4992561
E: huangfeilong@imu.edu.cn