Title |
ᠠᠷᠤ ᠬᠤᠷᠴᠢᠨ ᠦ ᠴᠠᠭᠠᠨ ᠬᠤᠲᠠ ᠶᠢᠨ ᠪᠠᠭᠤᠷᠢ ᠶᠢᠨ ᠲᠠᠪᠬᠤᠷ ᠬᠠᠭᠠᠯᠭ᠎ᠠ ᠶᠢᠨ ᠤᠯᠠᠮᠵᠢᠯᠠᠯ᠄ ᠴᠤᠯᠴᠤᠭ᠌ ᠤᠨ ᠪᠠᠷᠢᠯᠭ᠎ᠠ ᠶᠢᠨ ᠲᠡᠦᠬᠡᠨ ᠵᠠᠯᠭᠠᠯᠴᠠᠭᠠ ᠪᠠ ᠮᠣᠩᠭᠣᠯ ᠤᠨ ᠬᠤᠲᠠ ᠶᠢᠨ ᠰᠤᠶᠤᠯ ᠤᠨ ᠳᠡᠰᠤᠷᠠᠯᠲᠠ |
Creator |
ᠳᠡᠭᠦᠰᠪᠠᠶᠠᠷ |
Keyword |
ᠴᠠᠭᠠᠨ ᠬᠤᠲᠠ; ᠴᠤᠯᠴᠤᠭ᠌; ᠮᠣᠩᠭᠣᠯ ᠦᠨᠳᠦᠷᠯᠢᠭ᠌ ᠤᠨ ᠤᠯᠠᠮᠵᠢᠯᠠᠯ |
Abstract |
ᠠᠷᠤ ᠬᠤᠷᠴᠢᠨ ᠦ ᠴᠠᠭᠠᠨ ᠬᠤᠲᠠ ᠶᠢᠨ ᠪᠠᠭᠤᠷᠢ ᠶᠢᠨ ᠬᠤᠲᠠ ᠶᠢᠨ ᠬᠡᠷᠡᠮ ᠨᠢ ᠲᠠᠪᠬᠤᠷ ᠬᠡᠷᠡᠮ᠂ ᠲᠠᠪᠬᠤᠷ ᠡᠭᠦᠳᠡ ᠲᠠᠢ ᠪᠠᠢ᠌ᠳᠠᠭ᠃ ᠡᠢᠮᠦ ᠬᠡᠯᠪᠡᠷᠢ ᠶᠢᠨ ᠡᠭᠦᠳᠡ ᠶᠢ ᠮᠣᠩᠭᠣᠯ ᠶᠢᠨᠷ 《ᠴᠤᠯᠴᠤᠭ᠌ 》 ᠬᠡᠵᠦ᠂ ᠬᠢᠲᠠᠳ ᠶᠢᠨᠷ 《ᠸᠸᠩ ᠴᠸᠩ》ᠬᠡᠳᠡᠭ᠃ ᠴᠤᠯᠴᠤᠭ᠌ ᠤᠨ ᠪᠠᠷᠢᠯᠭ᠎ᠠ ᠶᠢ 5 ᠋ ᠳᠤᠭᠠᠷ ᠵᠠᠭᠤᠨ ᠦ ᠦᠶ ᠡ ᠶᠢᠨ ᠬᠠᠬᠠᠯᠠᠢ᠌ᠨ ᠪᠤᠢ᠌ᠳᠪᠦᠢ᠌ᠳ ᠤᠨ ᠪᠠᠢᠭᠤᠯᠤᠭᠰᠠᠨ ᠲᠦᠪ ᠲᠦᠮᠡᠨ ᠬᠤᠲᠠ ᠶᠢᠨ ᠬᠡᠷᠡᠮ ᠳᠤ ᠠᠩᠬ᠎ᠠ ᠢᠯᠡᠷᠡᠪᠡ᠃ ᠬᠠᠬᠠᠯᠠᠢ᠌ᠨ ᠪᠤᠢ᠌ᠳᠪᠦᠢ᠌ᠳ ᠪᠤ; ᠶᠡᠬᠡ ᠭᠠ ᠤᠯᠤᠰ ᠢ ᠪᠠᠢᠭᠤᠯᠤᠭᠰᠠᠨ ᠬᠤᠩᠨᠤᠤ ᠶᠢᠨ ᠬᠤᠢ᠌ᠴᠢᠰ ᠮᠦᠨ ᠲᠤᠯᠤ ᠴᠤᠯᠴᠤᠭ᠌ ᠤᠨ ᠪᠠᠷᠢᠯᠭ᠎ᠠ ᠶᠢᠨ ᠬᠡᠯᠪᠡᠷᠢ ᠨᠢ ᠬᠤᠩᠨᠤᠤ ᠡᠴᠡ ᠭᠠᠷᠤᠯ ᠲᠠᠢ ᠪᠤᠯᠤᠨ᠎ᠠ᠃ ᠴᠤᠯᠴᠤᠭ᠌ ᠤᠨ ᠪᠠᠷᠢᠯᠭ᠎ᠠ ᠨᠢ ᠬᠢᠲᠡᠳ ᠤᠨ ᠲᠠᠪᠤᠨ ᠲᠦᠷᠦ᠂ ᠰᠦᠩ ᠤᠯᠤᠰ ᠤᠨ ᠦᠶ ᠡ ᠳᠤ ᠰᠠᠶ᠍ᠢ ᠳᠤᠮᠳᠠᠳᠤ ᠬᠢᠵᠠᠭᠠᠷ ᠲᠤ ᠤᠯᠠᠮᠵᠢᠯᠠᠭᠳᠠᠪᠠ᠃ ᠮᠣᠩᠭᠣᠯ ᠦᠨᠳᠦᠷᠯᠢᠭ ᠲᠤ ᠮᠣᠩᠭ᠋ᠣᠯᠴᠣᠳ ᠳᠡᠭᠦᠨ ᠢ ᠤᠢᠭᠤᠷ᠂ ᠬᠢᠲᠠᠨ ᠶᠢᠨᠷ ᠳᠡᠮᠵᠢᠭᠤᠯᠵᠤ ᠤᠮᠠᠷᠠᠳᠤ ᠶᠤᠸᠠᠨ ᠬᠦᠷᠳᠡᠯ ᠠ ᠤᠯᠠᠮᠵᠢᠯᠠᠪᠠ᠃ ᠯᠢᠭᠳᠡᠨ ᠬᠠᠭᠠᠨ ᠦ ᠨᠡᠢ᠌ᠰᠯᠠᠯ ᠶᠢᠨᠷ ᠳᠤᠳᠤᠯᠠᠭᠳᠠᠵᠤ ᠪᠠᠢ᠌ᠭ᠎ᠠ ᠠᠷᠤ ᠬᠤᠷᠴᠢᠨ ᠦ ᠴᠠᠭᠠᠨ ᠬᠤᠲᠠ ᠶᠢᠨ ᠪᠠᠭᠤᠷᠢ ᠨᠢ ᠮᠣᠩᠭᠣᠯ ᠦᠨᠳᠦᠷᠯᠢᠭ᠌ ᠤᠨ ᠴᠤᠯᠴᠤᠭ᠌ ᠤᠨ ᠤᠯᠠᠮᠵᠢᠯᠠᠯ ᠤᠨ ᠲᠡᠦᠬᠡ ᠶᠢᠨ ᠡᠴᠤᠰᠯᠠᠯ ᠪᠠ ᠮᠣᠩᠭ᠋ᠣᠯᠴᠣᠳ ᠤᠨ ᠬᠤᠲᠠ ᠶᠢᠨ ᠰᠤᠶᠤᠯ ᠤᠨ ᠤᠯᠠᠮᠵᠢᠯᠠᠯ ᠤᠨ ᠲᠡᠦᠬᠡ ᠶᠢᠨ ᠲᠠᠰᠤᠷᠠᠯᠲᠠ ᠶᠢ ᠬᠠᠷᠢᠭᠤᠯᠪᠠ᠃ |
Original Literature |
View Original Paper
|
出自 |
内蒙古大学学报
2009年
第6期
|