Paper Information


Title ᠲᠠᠢ᠌ᠪᠸᠢ ᠳᠡᠬᠢ ᠬᠠᠭᠠᠨ ᠦ ᠤᠷᠳᠤᠨ ᠦ ᠮᠦᠽᠸᠢ ᠳᠤ ᠬᠠᠳᠠᠭᠠᠯᠠᠭᠳᠠᠵᠤ ᠪᠠᠢ᠌ᠭ᠎ᠠ ᠴᠢᠩᠭᠢᠰ ᠬᠠᠭᠠᠨ ᠦ ᠵᠢᠷᠤᠮᠠᠯ ᠬᠦᠷᠦᠭ ᠤᠨ ᠲᠤᠬᠠᠢ ᠲᠤᠭᠳᠠᠮ ᠰᠢᠨᠵᠢᠯᠡᠭᠡ
Creator ᠬᠠᠢ᠂ ᠪᠠᠭᠠᠳᠤᠷ
Keyword ᠴᠢᠩᠭᠢᠰ ᠬᠠᠭᠠᠨ ᠦ ᠵᠢᠷᠤᠮᠠᠯ ᠭᠦᠷᠦᠭ; ᠠᠨᠢᠭᠡ; ᠯᠢᠦ ᠭᠤᠸᠠᠨ ᠳ᠋ᠤᠤ; ᠬᠤᠷᠬᠠᠰᠤᠨ
Abstract ᠲᠠᠢ᠌ᠪᠸᠢ ᠳᠡᠬᠢ ᠬᠠᠭᠠᠨ ᠦ ᠤᠷᠳᠤᠨ ᠦ ᠮᠦᠽᠸᠢ ᠳᠤ ᠬᠠᠳᠠᠭᠠᠯᠠᠭᠳᠠᠵᠤ ᠪᠠᠢ᠌ᠭ᠎ᠠ ᠴᠢᠩᠭᠢᠰ ᠬᠠᠭᠠᠨ ᠦ ᠵᠢᠷᠤᠮᠠᠯ ᠬᠦᠷᠦᠭ ᠢ ᠬᠠᠮᠤᠭ ᠤᠨ ᠪᠠᠷᠢᠮᠵᠢᠶᠠᠳᠤ ᠬᠦᠷᠦᠭ ᠬᠡᠵᠦ ᠳᠡᠯᠡᠬᠡᠢ ᠲᠠᠶᠠᠭᠠᠷ ᠶᠢᠨᠨ ᠵᠦᠪᠰᠢᠶᠡᠷᠡᠳᠡᠭ᠃ ᠳᠤᠰ ᠬᠦᠷᠦᠭ ᠨᠢ ᠴᠤᠬᠤᠮ ᠶᠠᠮᠡᠷ ᠬᠦᠮᠦᠨ ᠦ ᠭᠠᠷ ᠶᠢᠨᠷ ᠵᠢᠷᠤᠭᠳᠠᠭᠰᠠᠨ ᠲᠤᠬᠠᠢ ᠦᠷᠭᠡᠨ ᠳᠡᠯᠭᠡᠷ ᠶᠠᠷᠢᠯᠴᠠᠭ᠎ᠠ ᠦᠷᠨᠢᠭᠰᠡᠨ ᠪᠠᠢ᠌ᠳᠠᠭ᠃ ᠳᠡᠷᠡᠴᠢᠯᠡᠨ ᠲᠡᠦᠬᠡ ᠶᠢᠨ ᠮᠠᠲ᠋ᠸᠷᠢᠶᠠᠯ ᠳᠤ ᠲᠤᠯᠳᠦᠢᠳᠦᠨ ᠳᠤᠰ ᠵᠢᠷᠤᠮᠠᠯ ᠬᠦᠷᠦᠭ ᠤᠨ ᠵᠢᠷᠤᠭᠳᠠᠭᠰᠠᠨ ᠬᠡᠪ ᠨᠠᠮᠪᠠ᠂ ᠤᠷ ᠠ ᠮᠡᠷᠭᠡᠰᠢᠯ ᠵᠡᠷᠭᠡ ᠪᠠᠷ ᠬᠠᠵᠠᠭᠤ ᠶᠢᠨ ᠬᠡᠷᠡᠴᠢ ᠪᠤᠯᠭᠠᠵᠤ ᠦᠵᠡᠪᠠᠯ᠂ᠠᠨᠢᠭᠡ(阿尼哥)᠂ᠯᠢᠦ ᠭᠤᠸᠠᠨ ᠳ᠋ᠤᠤ(刘贯道)ᠬᠢᠭᠡᠳ ᠬᠤᠷᠬᠠᠰᠤᠨ(和礼霍孙)ᠭᠤᠷᠪᠠᠭᠤᠯᠠ ᠡᠴᠡ ᠠᠯᠢ ᠨᠢᠭᠡ ᠨᠢ ᠵᠢᠷᠤᠭᠰᠠᠨ ᠪᠠᠢ᠌ᠬᠤ ᠲᠦᠯᠦᠪᠲᠠᠢ ᠃ ᠳᠤᠰ ᠵᠢᠷᠤᠮᠠᠯ ᠢ ᠵᠢᠷᠤᠭᠰᠠᠨ ᠬᠦᠮᠦᠨ ᠨᠢ ᠨᠡᠷ ᠠ ᠬᠠᠶᠢ᠍ᠭ ᠶᠢᠨᠨ ᠦᠯᠡᠳᠡᠭᠡᠭ᠍ᠰᠡᠨ ᠦᠭᠡᠢ ᠨᠢ ᠡᠵᠡᠨ ᠴᠢᠩᠭᠢᠰ ᠤᠨ ᠬᠦᠷᠦᠭ ᠢ ᠵᠢᠷᠤᠭᠰᠠᠨ ᠬᠦᠮᠦᠨ ᠦ ᠲᠤᠬᠠᠢ ᠬᠡᠯᠡᠯᠴᠡᠵᠦ ᠪᠤᠯᠳᠠᠭ ᠦᠭᠡᠢ ᠴᠡᠭᠡᠷ ᠲᠠᠢ ᠪᠠᠢ᠌ᠭᠰᠠᠨ ᠯᠤᠭ᠎ᠠ ᠬᠤᠯᠪᠤᠭ᠎ᠠ ᠲᠠᠢ ᠪᠦᠭᠡᠳ ᠲᠡᠦᠬᠡ ᠱᠠᠰᠳᠢᠷ ᠲᠤ ᠲᠤᠳᠤᠷᠬᠠᠢ ᠳᠡᠮᠳᠡᠭᠯᠡᠭᠳᠡᠭᠰᠡᠨ ᠵᠦᠢᠯ ᠡᠴᠡ ᠮᠦᠷᠳᠡᠪᠡᠯ ᠂ ᠴᠢᠩᠭᠢᠰ ᠬᠠᠭᠠᠨ ᠦ ᠬᠦᠷᠦᠭ ᠢ ᠵᠢᠷᠤᠵᠤ ᠦᠩᠭᠡᠷᠡᠭᠰᠡᠨ ᠬᠦᠮᠦᠨ ᠭᠡᠪᠡᠯ ᠵᠦᠪᠭᠡᠨ ᠬᠤᠷᠬᠠᠰᠤᠨ ᠪᠠᠢ᠌ᠵᠦ ᠳᠠᠭᠠᠷᠠᠬᠤ ᠬᠡᠯᠳᠡᠢ᠃
Original Literature View Original Paper
出自 中国蒙古学 2007年 第6期

联系我们


内蒙古大学图书馆
呼和浩特市大学西路235号
中国·内蒙古
P: (0471) 4992561
E: huangfeilong@imu.edu.cn