Paper Information


Title ᠮᠣᠩ᠋ᠭᠤᠯ ᠬᠠᠭᠠᠨᠲᠤ ᠤᠯᠤᠰ ᠤᠨ ᠭᠠᠵᠠᠷ ᠰᠢᠷᠦᠢ ᠶᠢᠨ ᠬᠠᠷᠢᠴᠠᠭ᠎ᠠ ᠬᠢᠭᠡᠳ ᠲᠡᠭᠦᠨ ᠦ ᠨᠡᠢ᠌ᠭᠡᠮ ᠦᠨ ᠰᠢᠨᠵᠢ ᠴᠢᠨᠠᠷ
Creator ᠪᠤᠤ ᠢᠦᠢ ᠱᠠᠨ
Keyword
Abstract ᠲᠤᠰ ᠦᠭᠦᠯᠡᠯ ᠳᠦ ᠂ ᠡᠷᠲᠡᠨ ᠦ ᠮᠣᠩ᠋ᠭᠤᠯᠴᠤᠳ ᠤᠨ ᠭᠠᠵᠠᠷ ᠰᠢᠷᠦᠢ ᠶᠢ ᠢᠯᠡᠳᠭᠡᠵᠦ ᠪᠠᠢ᠌ᠭᠰᠠᠨ ᠨᠡᠷ᠎ᠡ ᠲᠤᠮᠢᠶ᠎ᠠ ᠶᠢ 《ᠡᠳᠦᠭᠡᠨ》→ 《ᠨᠤᠲᠤᠭ》→《ᠨᠤᠲᠤᠭ ᠪᠡᠯᠴᠢᠭᠡᠷ》ᠭᠡᠬᠦ ᠭᠤᠷᠪᠠᠨ ᠬᠦᠭ᠍᠍ᠵᠢᠯ ᠦᠨ ᠱᠠᠲᠤ ᠶᠢ ᠦᠩᠭᠡᠷᠡᠭᠡᠵᠡᠢ᠃ ᠡᠨᠡ ᠨᠢ ᠮᠣᠩ᠋ᠭᠤᠯ ᠬᠠᠭᠠᠨᠲᠤ ᠤᠯᠤᠰ ᠤᠨ ᠭᠠᠵᠠᠷ ᠰᠢᠷᠦᠢ ᠶᠢᠨ ᠦᠮᠴᠢᠯᠡᠯ ᠦᠨ ᠬᠠᠷᠢᠴᠠᠭ᠎ᠠ ᠶᠢ ᠰᠤᠳᠤᠯᠵᠤ ᠰᠦᠪᠡᠭ᠍ᠴᠢᠯᠡᠬᠦ ᠤᠷᠢᠳᠠᠯ ᠪᠤᠯᠤᠨ᠎ᠠ᠃ ᠴᠢᠩᠭᠢᠰ ᠬᠠᠭᠠᠨ ᠰᠠᠭᠤᠷᠢᠨ ᠳᠤ ᠰᠠᠭᠤᠭᠰᠠᠨ ᠤ ᠳᠠᠷᠠᠭ᠎ᠠ᠂ ᠪᠦᠬᠦ ᠤᠯᠤᠰ ᠤᠨ ᠭᠠᠵᠠᠷ ᠰᠢᠷᠦᠢ ᠶᠢ ᠦᠪᠡᠷ ᠦᠨ 《ᠠᠯᠲᠠᠨ ᠤᠷᠤᠭ》᠋ ᠤᠨ ᠣᠯᠠᠨ ᠬᠦᠪᠡᠭᠦᠳ ᠳᠡᠭᠦᠦ ᠨᠠᠷ ᠲᠠᠭᠠᠨ ᠬᠤᠪᠢᠶᠠᠨ ᠦᠭᠴᠡᠢ᠃ ᠭᠡᠪᠡᠴᠦ ᠡᠳᠡᠭᠡᠷ 《ᠠᠯᠲᠠᠨ ᠤᠷᠤᠭ》᠋ ᠤᠨ ᠣᠯᠠᠨ ᠬᠦᠪᠡᠭᠦᠳ ᠳᠡᠭᠦᠦ ᠨᠠᠷ ᠨᠢ ᠭᠠᠵᠠᠷ ᠰᠢᠷᠦᠢ ᠶᠢ ᠦᠮᠴᠢᠯᠡᠬᠦ ᠡᠷᠬᠡ ᠦᠭᠡᠢ ᠪᠠᠢ᠌ᠪᠠ᠃ ᠭᠠᠵᠠᠷ ᠰᠢᠷᠦᠢ ᠶᠢᠨ ᠵᠢᠩᠭᠢᠨᠢ ᠦᠮᠴᠢᠯᠡᠭᠴᠢ ᠨᠢ ᠬᠠᠭᠠᠨ ᠡᠵᠡᠨ ᠪᠤᠯᠤᠨ᠎ᠠ᠃ ᠡᠢ᠌ᠮᠦᠷᠭᠦ ᠭᠠᠵᠠᠷ ᠰᠢᠷᠦᠢ ᠶᠢᠨ ᠨᠡᠢ᠌ᠲᠡ ᠶᠢᠨ ᠦᠮᠴᠢᠯᠡᠯ ᠦᠨ ᠰᠠᠭᠤᠷᠢᠨ ᠳᠡᠭᠡᠷᠡᠬᠢ ᠨᠡᠢ᠌ᠭᠡᠮ ᠦᠨ ᠰᠢᠨᠵᠢ ᠴᠢᠨᠠᠷ ᠢ ᠮᠠᠷᠺᠰ᠂ ᠠᠽᠢᠶ᠎ᠠ ᠶᠢᠨ ᠦᠢᠯᠡᠳᠪᠦᠷᠢᠯᠡᠯ ᠦᠨ ᠠᠷᠭ᠎ᠠ ᠮᠠᠶ‍ᠢᠭ ᠭᠡᠵᠦ ᠦᠵᠡᠵᠡᠢ᠃ ᠡᠢ᠌ᠮᠦ ᠡᠴᠡ ᠮᠣᠩ᠋ᠭᠤᠯ ᠬᠠᠭᠠᠨᠲᠤ ᠤᠯᠤᠰ ᠤᠨ ᠨᠡᠢ᠌ᠭᠡᠮ ᠦᠨ ᠰᠢᠨᠵᠢ ᠴᠢᠨᠠᠷ ᠢ ᠪᠤᠭᠤᠯᠲᠤ ᠨᠡᠢ᠌ᠭᠡᠮ ᠪᠤᠶᠤ ᠹᠧᠤᠳᠠᠯ ᠤᠨ ᠨᠡᠢ᠌ᠭᠡᠮ ᠦᠨ ᠭᠡᠵᠦ ᠦᠵᠡᠵᠦ ᠪᠤᠯᠬᠤ ᠦᠭᠡᠢ᠃ ᠬᠠᠷᠢᠨ ᠠᠽᠢᠶ᠎ᠠ ᠶᠢᠨ ᠦᠢᠯᠡᠳᠪᠦᠷᠢᠯᠡᠯ ᠦᠨ ᠠᠷᠭ᠎ᠠ ᠮᠠᠶ‍ᠢᠭ ᠤᠨ ᠰᠢᠨᠵᠢ ᠴᠢᠨᠠᠷ ᠲᠠᠢ ᠨᠢᠭᠡᠨ ᠦᠪᠡᠷᠮᠢᠴᠡ ᠨᠡᠢ᠌ᠭᠡᠮ ᠦᠨ ᠬᠡᠯᠪᠡᠷᠢᠰᠢᠯ ᠢᠶᠡᠷ ᠦᠵᠡᠵᠦ ᠰᠤᠳᠤᠯᠤᠨ ᠰᠦᠪᠡᠭ᠍ᠴᠢᠯᠡᠪᠡᠯ ᠵᠤᠬᠢᠨ᠎ᠠ ᠭᠡᠬᠦ ᠦᠵᠡᠯᠲᠡ ᠶᠢ ᠳᠡᠪᠰᠢᠭᠦᠯᠵᠡᠢ᠃
Original Literature No Original Paper
出自 内蒙古大学学报 1994年 第3期

联系我们


内蒙古大学图书馆
呼和浩特市大学西路235号
中国·内蒙古
P: (0471) 4992561
E: huangfeilong@imu.edu.cn