Paper Information


Title ᠫᠷᠤᠫᠠᠨ ᠢ ᠢᠰᠦᠯᠳᠦᠭᠦᠯᠦᠨ ᠤᠰᠤᠳᠦ᠋ᠷᠦᠭᠴᠢ ᠦᠭᠡᠶᠢᠳᠡᠭᠦᠯᠵᠦ ᠫᠷᠤᠫᠧᠨ ᠢ ᠭᠠᠷᠭᠠᠨ ᠠᠪᠬᠤ ᠣᠨᠣᠯ ᠤᠨ ᠰᠤᠳᠤᠯᠤᠯᠲᠠ ᠶᠢᠨ ᠠᠬᠢᠯᠲᠠ
Creator ᠪᠤᠤ ᠰᠠᠷᠠᠨ᠎ᠠ; ᠰᠢᠦᠢ ᠠᠢ ᠵᠢᠦᠢ; ᠪᠠᠢ ᠤᠶᠤᠨᠪᠢᠯᠢᠭ᠌
Keyword ᠫᠷᠤᠫᠠᠨ; ᠢᠰᠦᠯᠳᠦᠭᠦᠯᠦᠨ ᠤᠰᠤᠳᠦ᠋ᠷᠦᠭᠴᠢ ᠦᠭᠡᠶᠢᠳᠡᠭᠦᠯᠬᠦ; ᠫᠷᠤᠫᠧᠨ; ᠣᠨᠣᠯ
Abstract ᠫᠷᠤᠫ᠋ᠧᠨ ᠨᠢ ᠤᠷᠭᠠᠨᠢᠭ ᠬᠢᠮᠢ ᠶᠢᠨ ᠠᠵᠤ ᠦᠢᠯᠡᠳᠪᠦᠷᠢ ᠶᠢᠨ ᠴᠢᠬᠤᠯᠠ ᠲᠦᠭᠦᠬᠡᠢ ᠡᠳ᠋ ᠪᠤᠯᠤᠨ᠎ᠠ᠃ ᠣᠢᠷ᠎ᠠ ᠶᠢᠨ ᠵᠢᠯ ᠳᠦ᠂ ᠫᠷᠤᠫᠧᠨ ᠤ ᠦᠷᠭᠡᠳᠭᠡᠯ ᠪᠦᠲᠦᠭᠡᠭᠳᠡᠭᠦᠨ ᠦ ᠬᠡᠷᠡᠭᠴᠡᠭᠡ ᠡᠳᠦᠷ ᠢᠷᠡᠬᠦᠶ᠎ᠡ ᠨᠡᠮᠡᠭᠳᠡᠬᠦ ᠶᠢ ᠳᠠᠭᠠᠯᠳᠤᠨ᠂ ᠫᠷᠤᠫᠧᠨ ᠢ ᠦᠨᠳᠦᠷ ᠠᠰᠢᠭᠯᠠᠮᠵᠢᠲᠤ᠂ ᠡᠨᠧᠷᠬᠢ ᠶᠢᠨ ᠰᠦᠢᠲᠦᠯ ᠢᠶᠡᠷ ᠪᠠᠭ᠎ᠠ᠂ ᠣᠷᠴᠢᠨ ᠲᠤᠭᠤᠷᠢᠨ ᠳᠤ ᠪᠤᠬᠢᠷᠲᠤᠯ ᠦᠭᠡᠢ ᠪᠡᠷ ᠭᠠᠷᠭᠠᠨ ᠠᠪᠬᠤ ᠨᠢ ᠨᠢᠳᠦᠨ ᠡᠮᠦᠨ᠎ᠡ ᠲᠤᠯᠭᠠᠷᠠᠵᠤ ᠪᠠᠢᠭ᠎ᠠ ᠴᠢᠬᠤᠯᠠ ᠠᠰᠠᠭᠤᠳᠠᠯ ᠪᠤᠯᠵᠠᠢ᠃ ᠴᠢᠯᠠᠭᠤᠨ ᠲᠤᠰᠤ ᠪᠠ ᠪᠠᠢᠭᠠᠯᠢ ᠶᠢᠨ ᠰᠢᠲᠠᠮᠠᠬᠠᠢ ᠭᠡᠷ ᠶᠢᠨ ᠡᠬᠢ ᠪᠠᠶᠠᠯᠢᠭ ᠲᠤ ᠶᠡᠬᠡ ᠬᠡᠮᠵᠢᠶ᠎ᠡ ᠪᠡᠷ ᠠᠭᠤᠯᠤᠭᠳᠠᠵᠤ ᠪᠠᠢᠭ᠎ᠠ ᠫᠷᠤᠫᠠᠨ ᠤ ᠣᠯᠠᠩᠭᠢ ᠨᠢ ᠰᠢᠲᠠᠯᠲᠠ ᠶᠢᠨ ᠲᠦᠯᠡᠰᠢ ᠪᠤᠯᠵᠤ ᠪᠠᠢᠬᠤ ᠪᠤᠶᠤ ᠠᠭᠠᠷ ᠲᠤ ᠲᠠᠯᠠᠭᠠᠷ ᠲᠠᠯᠪᠢᠨ ᠭᠠᠷᠭᠠᠵᠤ ᠪᠠᠢᠨ᠎ᠠ᠃ ᠡᠨᠡ ᠬᠦ ᠰᠦᠢᠲᠦᠯ ᠪᠡᠷ ᠶᠡᠬᠡ᠂ ᠠᠰᠢᠭᠯᠠᠮᠵᠢ ᠪᠠᠷ ᠳᠤᠤᠷ᠎ᠠ ᠪᠠᠢᠳᠠᠯ ᠳᠤ ᠴᠢᠭᠯᠡᠭᠦᠯᠦᠨ᠂ ᠬᠠᠷᠢᠴᠠᠩᠭᠤᠢ ᠬᠢᠮᠳᠠ ᠫᠷᠤᠫᠠᠨ ᠢ ᠢᠰᠦᠯᠳᠦᠭᠦᠯᠦᠨ ᠪᠦᠲᠦᠮᠵᠢᠲᠡᠢ ᠪᠡᠷ ᠤᠰᠤᠳᠦ᠋ᠷᠦᠭᠴᠢ ᠦᠭᠡᠶᠢᠳᠡᠭᠦᠯᠵᠦ ᠫᠷᠤᠫᠧᠨ ᠢ ᠭᠠᠷᠭᠠᠨ ᠠᠪᠴᠤ᠂ ᠫᠷᠤᠫᠧᠨ ᠤ ᠢᠷᠡᠯᠲᠡ ᠪᠡᠷ ᠳᠤᠲᠠᠮᠠᠭ ᠪᠠᠢᠭ᠎ᠠ ᠠᠰᠠᠭᠤᠳᠠᠯ ᠢ ᠰᠢᠢᠳᠪᠦᠷᠢᠯᠡᠬᠦ ᠨᠢ ᠮᠠᠨ ᠤ ᠤᠯᠤᠰ ᠤᠨ ᠴᠢᠯᠠᠭᠤᠨ ᠲᠤᠰᠤᠨ ᠤ ᠠᠵᠤ ᠦᠢᠯᠡᠳᠪᠦᠷᠢ ᠳᠦ ᠬᠦᠨᠳᠦ ᠴᠢᠬᠤᠯᠠ ᠠᠴᠢ ᠬᠤᠯᠪᠤᠭᠳᠠᠯ ᠲᠠᠢ ᠶᠤᠮ᠃ ᠭᠡᠪᠡᠴᠦ ᠫᠷᠤᠫᠠᠨ ᠢ ᠢᠰᠦᠯᠳᠦᠭᠦᠯᠦᠨ ᠤᠰᠤᠳᠦ᠋ᠷᠦᠭᠴᠢ ᠦᠭᠡᠶᠢᠳᠡᠭᠦᠯᠵᠦ ᠫᠷᠤᠫᠧᠨ ᠢ ᠭᠠᠷᠭᠠᠨ ᠠᠪᠬᠤ ᠠᠷᠭ᠎ᠠ ᠨᠢ 19᠋ ᠳᠤᠭᠠᠷ ᠵᠠᠭᠤᠨ ᠤ ᠶᠡᠷᠡᠭᠡᠳ ᠣᠨ ᠠᠴᠠ ᠰᠠᠶᠢ ᠡᠬᠢᠯᠡᠨ ᠬᠦᠭᠵᠢᠪᠡ᠃ ᠣᠳᠣ ᠪᠤᠯᠲᠠᠯ᠎ᠠ ᠤᠷᠪᠠᠯ ᠤᠨ ᠶᠠᠪᠤᠴᠠ ᠶᠢ ᠲᠤᠳᠤᠷᠬᠠᠢ ᠲᠠᠨᠢᠭ᠎ᠠ ᠦᠭᠡᠢ ᠶᠤᠮ᠃ ᠲᠤᠰ ᠦᠭᠦᠯᠡᠯ ᠳᠦ ᠫᠷᠤᠫᠠᠨ ᠢ ᠢᠰᠦᠯᠳᠦᠭᠦᠯᠦᠨ ᠤᠰᠤᠳᠦ᠋ᠷᠦᠭᠴᠢ ᠦᠭᠡᠶᠢᠳᠡᠭᠦᠯᠵᠦ ᠫᠷᠤᠫᠧᠨ ᠢ ᠭᠠᠷᠭᠠᠨ ᠠᠪᠬᠤ ᠠᠷᠭ᠎ᠠ ᠶᠢᠨ ᠣᠨᠣᠯ ᠤᠨ ᠰᠤᠳᠤᠯᠤᠯᠲᠠ ᠶᠢᠨ ᠠᠬᠢᠯᠲᠠ ᠶᠢ ᠳᠦᠭᠦᠮ ᠦᠭᠦᠯᠡᠪᠡ᠃
Original Literature No Original Paper
出自 内蒙古师范大学学报(自然科学蒙古文版) 2013年 第4期

联系我们


内蒙古大学图书馆
呼和浩特市大学西路235号
中国·内蒙古
P: (0471) 4992561
E: huangfeilong@imu.edu.cn