Paper Information


Title ᠬᠤᠭᠤᠷ ᠤᠨ ᠦᠯᠢᠭᠡᠷ ᠲᠡᠬᠢ ᠬᠦᠦᠷᠨᠢᠯ ᠦᠨ ᠬᠠᠷᠠᠭᠠᠰᠤ ᠶᠢᠨ ᠰᠤᠳᠤᠯᠤᠯ
Creator ᠫ‍᠂ ᠠᠨᠠᠪᠠᠳ
Keyword ᠬᠤᠭᠤᠷ ᠤᠨ ᠦᠯᠢᠭᠡᠷ; ᠬᠦᠦᠷᠨᠢᠯ; ᠪᠦᠬᠦᠨ ᠢ ᠮᠡᠳᠡᠬᠦ ᠬᠠᠷᠠᠭᠠᠰᠤ
Abstract ᠬᠤᠭᠤᠷ ᠤᠨ ᠦᠯᠢᠭᠡᠷ ᠲᠦ ᠶᠡᠷᠦ ᠨᠢ ᠪᠦᠬᠦᠨ ᠢ ᠮᠡᠳᠡᠬᠦ ᠬᠦᠦᠷᠨᠢᠯ ᠦᠨ ᠬᠠᠷᠠᠭᠠᠰᠤ ᠪᠦᠬᠦᠢ᠌ᠯᠡ ᠳᠦᠨᠢ ᠲᠤᠤᠱᠯᠠᠭᠳᠠᠵᠤ ᠪᠠᠢ᠌ᠳᠠᠭ᠃ ᠬᠤᠭᠤᠷ ᠤᠨ ᠦᠯᠢᠭᠡᠷ ᠲᠦ ᠠᠬᠤᠢ ᠪᠠᠢ᠌ᠳᠠᠯ ᠢ ᠬᠦᠦᠷᠨᠢᠬᠦ; ᠬᠦᠮᠦᠨ ᠦ ᠳᠤᠲᠤᠭᠠᠳᠤ ᠰᠡᠳᠬᠢᠯᠭᠡ ᠶᠢ ᠳᠡᠯᠭᠡᠨ ᠦᠵᠡᠭᠦᠯᠬᠦ; ᠰᠢᠨ᠎ᠡ ᠳᠦᠷᠢ ᠢᠯᠡᠷᠡᠬᠦ ᠦᠶ᠎ᠡ ᠳᠦ ᠬᠤᠭᠤᠷᠴᠢ ᠨᠢ ᠳᠠᠷᠤᠢ ᠬᠦᠦᠷᠨᠢᠭᠴᠢ ᠪᠤᠯᠳᠠᠭ᠃ ᠳᠦᠷᠢ ᠨᠢ ᠪᠦᠷᠢᠮᠦᠰᠦᠨ ᠢᠯᠡᠷᠡᠬᠦ ᠦᠶ᠎ᠡ ᠳᠦ ᠂ ᠬᠤᠭᠤᠷᠴᠢ ᠨᠢ ᠳᠦᠷᠢ ᠶᠢ ᠣᠷᠤᠯᠠᠭᠤᠯᠤᠨ ᠬᠦᠦᠷᠨᠢᠬᠦ ᠲᠡᠳᠦᠢ ᠦᠭᠡᠢ᠂ ᠲᠤᠭᠯᠠᠨ ᠦᠵᠡᠭᠦᠯᠬᠦ ᠪᠡᠷ ᠳᠠᠮᠵᠢᠨ ᠬᠦᠷᠲᠡᠭᠴᠢ ᠶᠢᠨ ᠰᠡᠳᠬᠢᠯᠭᠡ ᠶᠢ ᠳᠠᠢ᠌ᠴᠢᠯᠠᠨ᠂ ᠬᠦᠷᠲᠡᠭᠴᠢ ᠪᠡ ᠳᠦᠷᠢ ᠶᠢ ᠬᠠᠮᠲᠤ ᠳᠤᠨᠢ ᠪᠠᠶᠠᠷᠯᠠᠭᠤᠯᠬᠤ ᠦᠶ᠎ᠡ ᠳᠦ ᠪᠠᠶᠠᠷᠯᠠᠭᠤᠯᠤᠨ᠂ ᠵᠤᠪᠠᠨᠢᠬᠤ ᠦᠶ᠎ᠡ ᠳᠦ ᠵᠤᠪᠠᠨᠢᠭᠤᠯᠳᠠᠭ ᠶᠤᠮ᠃ ᠬᠤᠭᠤᠷ ᠤᠨ ᠦᠯᠢᠭᠡᠷ ᠦᠨ ᠡᠨᠡ ᠬᠦ ᠬᠦᠦᠷᠨᠢᠯ ᠦᠨ ᠠᠷᠭ᠎ᠠ ᠨᠢ ᠶᠡᠬᠡᠩᠬᠢ ᠬᠦᠷᠲᠡᠭᠴᠢ ᠶᠢᠨ ᠲᠠᠭᠠᠰᠢᠶᠠᠯ ᠢ ᠣᠯᠵᠤ᠂ ᠡᠨᠡ ᠬᠦ ᠲᠦᠷᠦᠯ ᠦᠨ ᠤᠷᠠᠯᠢᠭ ᠤᠨ ᠬᠡᠯᠪᠡᠷᠢ ᠨᠢ ᠤᠷᠲᠤ ᠤᠳᠠᠭᠠᠨ ᠵᠢᠯ ᠤᠯᠠᠮᠵᠢᠯᠠᠨ ᠬᠠᠲᠠᠭᠠᠯᠠᠭᠳᠠᠭᠰᠠᠨ ᠤ ᠨᠢᠭᠡ ᠴᠢᠬᠤᠯᠠ ᠨᠢᠭᠤᠴᠠ ᠬᠦᠴᠦᠨ ᠮᠦᠨ᠃
Original Literature View Original Paper
出自 中国蒙古学 2013年 第6期

联系我们


内蒙古大学图书馆
呼和浩特市大学西路235号
中国·内蒙古
P: (0471) 4992561
E: huangfeilong@imu.edu.cn