Paper Information


Title ᠮᠣᠩ᠋ᠭᠤᠯ ᠵᠤᠢ᠌ᠷ ᠰᠡᠴᠡᠨ ᠦᠭᠡᠨ ᠳᠦᠳ ᠦᠬᠡᠷ ᠦᠨ ᠲᠤᠬᠠᠢ ᠦᠭᠦᠯᠡᠭᠰᠡᠨ ᠨᠢ
Creator ᠴᠢᠯᠠᠭᠤᠨᠴᠡᠴᠡᠭ
Keyword ᠮᠣᠩ᠋ᠭᠤᠯ ᠵᠤᠢ᠌ᠷ ᠰᠡᠴᠡᠨ ᠦᠭᠡ; ᠦᠬᠡᠷ; ᠦᠭᠦᠯᠡᠮᠵᠢ
Abstract ᠮᠣᠩ᠋ᠭᠤᠯ ᠵᠤᠢ᠌ᠷ ᠰᠡᠴᠡᠨ ᠦᠭᠡ ᠶᠢᠨ ᠠᠭᠤᠯᠭ᠎ᠠ ᠠᠴᠠ ᠬᠠᠷᠠᠬᠤᠯ᠎ᠠ ᠦᠬᠡᠷ ᠦᠨ ᠲᠤᠬᠠᠢ ᠦᠭᠦᠯᠡᠭᠰᠡᠨ ᠵᠤᠢ᠌ᠯ ᠦᠯᠡᠮᠵᠢ ᠲᠤᠬᠢᠶᠠᠯᠳᠤᠨ᠎ᠠ᠃ ᠦᠬᠡᠷ ᠲᠡᠢ ᠬᠤᠯᠪᠤᠭᠳᠠᠭᠰᠠᠨ ᠮᠣᠩ᠋ᠭᠤᠯ ᠵᠤᠢ᠌ᠷ ᠰᠡᠴᠡᠨ ᠦᠭᠡ ᠶᠢᠨ ᠠᠭᠤᠯᠭ᠎ᠠ ᠶᠢ ᠨᠡᠢ᠌ᠳᠡᠮ ᠳᠦᠨᠢ ᠠᠵᠢᠭᠯᠠᠬᠤᠯᠠᠷ ᠦᠬᠡᠷ ᠢ ᠮᠣᠩ᠋ᠭᠤᠯᠴᠤᠳ ᠬᠦᠴᠦᠨ ᠴᠢᠳᠠᠯ ᠤᠨ ᠪᠦᠷᠢᠯᠤ᠎ᠠ᠂ ᠦᠬᠦᠨ ᠵᠢᠳᠭᠦᠬᠦ ᠠᠷᠠᠨᠰᠢᠨ ᠢᠶᠠᠷ ᠦᠨᠡᠯᠡᠨ ᠮᠠᠨᠳᠠᠭᠰᠠᠨ ᠰᠠᠨᠠᠭ᠎ᠠ ᠶᠢ ᠭᠠᠷᠭᠠᠭᠰᠠᠨ ᠢᠶᠠᠷ ᠪᠠᠷᠠᠬᠤ ᠦᠭᠡᠢ ᠨᠡᠩ ᠢᠯᠠᠩ᠋ᠭᠤᠶ᠎ᠠ ᠲᠡᠭᠦᠨ ᠦ ᠲᠡᠨᠡᠭ ᠪᠦᠲᠦᠭᠦᠯᠢᠭ᠌᠂ ᠮᠤᠵᠢᠭᠤᠳᠠ ᠵᠦᠷᠢᠭᠦᠦ ᠵᠠᠩ ᠴᠢᠨᠠᠷ ᠢ ᠳᠠᠪᠠᠭᠤᠯᠤᠨ ᠳᠦᠷᠰᠦᠯᠡᠵᠦ᠂ ᠡᠨᠡ ᠬᠦ ᠦᠵᠡᠯᠲᠡ ᠲᠠᠨᠢᠯᠲᠠ ᠶᠢᠨ ᠡᠭᠦᠳᠡᠨ ᠡᠴᠡ ᠬᠦᠮᠦᠨ ᠪᠡ ᠦᠬᠡᠷ ᠢ ᠬᠤᠭᠤᠷᠤᠨᠳᠤ ᠨᠢ ᠠᠳᠠᠯᠢᠳᠬᠠᠵᠤ᠂ ᠦᠬᠡᠷ ᠢ ᠦᠭᠦᠯᠡᠬᠦ ᠪᠡᠷ ᠳᠠᠮᠵᠢᠭᠤᠯᠤᠨ ᠬᠦᠮᠦᠨ ᠪᠡ ᠬᠦᠮᠦᠨ ᠦ ᠨᠡᠢ᠌ᠭᠡᠮ ᠦᠨ ᠬᠡᠷᠡᠭ ᠦᠵᠡᠭᠳᠡᠯ ᠢ ᠬᠠᠷᠠᠭᠤᠯᠤᠭᠰᠠᠨ ᠮᠠᠰᠢ ᠣᠯᠠᠨ ᠵᠤᠢ᠌ᠷ ᠰᠡᠴᠡᠨ ᠦᠭᠡ ᠶᠢ ᠪᠦᠲᠦᠭᠡᠵᠡᠢ᠃ ᠵᠤᠢ᠌ᠷ ᠰᠡᠴᠡᠨ ᠦᠭᠡᠨ ᠳᠦ ᠦᠬᠡᠷ ᠦᠨ ᠲᠤᠬᠠᠢ ᠮᠠᠭᠲᠠᠭᠠᠯ ᠤᠨ ᠠᠶᠠᠰ ᠳᠤᠲᠠᠭᠤ᠂ ᠰᠢᠭᠦᠮᠵᠢᠯᠡᠯ ᠦᠨ ᠬᠦᠭ᠌ ᠢᠯᠡᠭᠦᠦ᠃ ᠭᠡᠪᠡᠴᠦ ᠡᠨᠡ ᠨᠢ ᠦᠬᠡᠷ ᠦᠨ ᠦᠨ᠎ᠡ ᠦᠷᠲᠡᠭ ᠢ ᠪᠠᠭᠤᠷᠠᠭᠤᠯᠵᠤ ᠠᠴᠢ ᠭᠠᠪᠢᠶ᠎ᠠ ᠶᠢ ᠨᠢ ᠦᠭᠡᠢ᠌ᠰᠬᠡᠭ᠍ᠰᠡᠨ ᠶᠠᠪᠤᠳᠠᠯ ᠪᠢᠰᠢ᠃ ᠤᠴᠢᠷ ᠨᠢ ᠮᠣᠩ᠋ᠭᠤᠯ ᠲᠦᠮᠡᠨ ᠦ ᠵᠤᠢ᠌ᠷ ᠰᠡᠴᠡᠨ ᠦᠭᠡᠨ ᠳᠦ ᠦᠬᠡᠷ ᠦᠨ ᠭᠡᠮ ᠲᠤᠳᠠᠭᠳᠠᠯ ᠢ ᠪᠤᠷᠤᠭᠤᠰᠢᠶᠠᠨ ᠰᠢᠭᠦᠮᠵᠢᠯᠡᠭᠰᠡᠨ ᠶᠠᠪᠤᠳᠠᠯ ᠤᠨ ᠭᠤᠤᠯ ᠵᠤᠷᠢᠯᠭ᠎ᠠ ᠪᠤᠯ ᠬᠦᠮᠦᠨ ᠢ ᠰᠤᠷᠭᠠᠨ ᠬᠦᠮᠦᠵᠢᠭᠦᠯᠬᠦ ᠳᠦ ᠣᠷᠤᠰᠢᠨ᠎ᠠ᠃
Original Literature View Original Paper
出自 中国蒙古学 2013年 第1期

联系我们


内蒙古大学图书馆
呼和浩特市大学西路235号
中国·内蒙古
P: (0471) 4992561
E: huangfeilong@imu.edu.cn