Paper Information


Title 《ᠦᠨᠳᠦᠰᠦᠲᠡᠨ ᠦ ᠭᠣᠣ᠎ᠠ ᠰᠣᠶᠣᠯ》ᠰᠣᠳᠤᠯᠭᠠᠨ ᠤ ᠵᠠᠷᠢᠮ ᠠᠰᠠᠭᠤᠳᠠᠯ ᠤᠨ ᠲᠤᠬᠠᠢ ᠪᠣᠳᠤᠯᠬᠢᠯᠠᠯ
Creator ᠠᠮᠢᠨ
Keyword ᠦᠨᠳᠦᠰᠦᠲᠡᠨ ᠦ ᠭᠣᠣ᠎ᠠ ᠰᠣᠶᠣᠯ; ᠤᠬᠠᠭᠳᠠᠬᠤᠨ; ᠠᠴᠢ ᠬᠣᠯᠪᠣᠭᠳᠠᠯ
Abstract ᠲᠤᠰ ᠦᠭᠦᠯᠡᠯ ᠳᠥ ᠤᠤᠯᠰ ᠤᠨ ᠳᠣᠲᠤᠭᠠᠳᠤ ᠶᠢᠨ ᠭᠣᠣ᠎ᠠ ᠰᠣᠶᠣᠯ ᠰᠣᠳᠤᠯᠭᠠᠨ ᠤ ᠪᠣᠳᠠᠳᠤ ᠪᠠᠢ᠌ᠳᠠᠯ ᠳᠤ ᠰᠠᠭᠤᠷᠢᠯᠠᠨ᠂ ᠦᠨᠳᠦᠰᠦᠲᠡᠨ ᠦ ᠭᠣᠣ᠎ᠠ ᠰᠣᠶᠣᠯ ᠤᠨ ᠲᠤᠬᠠᠢ ᠤᠢ᠌ᠯᠠᠭᠠᠯᠲᠠ ᠪᠠᠨ ᠶᠠᠷᠢᠪᠠ᠃ ᠦᠨᠳᠦᠰᠦᠲᠡᠨ ᠦ ᠭᠣᠣ᠎ᠠ ᠰᠣᠶᠣᠯ ᠪᠣᠯ ᠨᠢᠭᠡᠨ ᠨᠠᠷᠢᠨ ᠪᠣᠳᠤᠯᠢᠶᠠᠨᠲᠠᠢ ᠣᠨᠣᠯ ᠤᠨ ᠰᠢᠰᠲ᠋ᠸᠮ ᠪᠠᠢ᠌ᠵᠤ᠂ ᠲᠡᠷᠡ ᠨᠢ ᠪᠣᠰᠤᠳ ᠰᠣᠶᠣᠯ ᠯᠤᠭ᠎ᠠ ᠬᠠᠷᠢᠴᠠᠭ᠎ᠠ ᠬᠣᠯᠪᠣᠭ᠎ᠠ ᠲᠠᠢ ᠪᠦᠭᠡᠳ ᠨᠠᠷᠢᠨ ᠢᠯᠭᠠᠭ᠎ᠠ ᠪᠦᠬᠦᠢ ᠰᠣᠶᠣᠯ ᠤᠨ ᠬᠡᠯᠪᠡᠷᠢ ᠪᠡᠷ ᠣᠷᠤᠰᠢᠨ᠂ ᠳᠡᠯᠭᠡᠷᠡᠩᠭᠦᠢ ᠤᠳᠬ᠎ᠠ ᠡᠴᠡ ᠨᠢ ᠦᠵᠡᠪᠡᠯ ᠳᠡᠯᠡᠬᠡᠢ ᠶᠢᠨ ᠡᠯ᠎ᠡ ᠦᠨᠳᠦᠰᠦᠲᠡᠨ ᠦ ᠭᠣᠣ᠎ᠠ ᠰᠣᠶᠣᠯ ᠢ ᠵᠢᠭᠠᠵᠤ᠂ ᠬᠠᠷᠢᠨ ᠢᠪᠴᠣᠣ ᠤᠳᠬ᠎ᠠ ᠡᠴᠡ ᠨᠢ ᠦᠵᠡᠪᠡᠯ ᠳᠡᠯᠡᠬᠡᠢ ᠳᠡᠭᠡᠷᠡᠬᠢ ᠶᠠᠮᠠᠷ ᠨᠢᠭᠡᠨ ᠦᠨᠳᠦᠰᠦᠲᠡᠨ ᠦ ᠭᠣᠣ᠎ᠠ ᠰᠣᠶᠣᠯ ᠢ ᠵᠢᠭᠠᠵᠤ ᠪᠣᠢ᠃ ᠣᠳᠤᠬᠠᠨ ᠦᠨᠳᠦᠰᠦᠲᠡᠨ ᠦ ᠭᠣᠣ᠎ᠠ ᠰᠣᠶᠣᠯ ᠰᠣᠳᠤᠯᠭᠠᠨ ᠢ ᠦᠷᠨᠢᠭᠦᠯᠬᠦ ᠨᠢ ᠣᠨᠣᠯ ᠤᠨ ᠪᠦᠲᠦᠭᠡᠨ ᠪᠠᠢ᠌ᠭᠤᠯᠤᠯᠲᠠ᠂ ᠨᠡᠢ᠌ᠭᠡᠮ ᠦᠨ ᠪᠦᠲᠦᠭᠡᠨ ᠪᠠᠢ᠌ᠭᠤᠯᠤᠯᠲᠠ ᠪᠠ ᠠᠷᠭ᠎ᠠ ᠶᠢᠨ ᠣᠨᠣᠯ ᠤᠨ ᠣᠯᠠᠨ ᠡᠰᠢᠴᠢᠯᠡᠯᠲᠡ ᠳᠥ ᠪᠦᠷ ᠮᠠᠰᠢ ᠴᠢᠬᠤᠯᠠ ᠠᠴᠢ ᠬᠣᠯᠪᠣᠭᠳᠠᠯ ᠲᠠᠢ ᠪᠠᠢ᠌ᠳᠠᠭ᠃
Original Literature View Original Paper
出自 内蒙古民族大学学报(社会科学) 2009年 第4期

联系我们


内蒙古大学图书馆
呼和浩特市大学西路235号
中国·内蒙古
P: (0471) 4992561
E: huangfeilong@imu.edu.cn