Title |
ᠮᠤᠩᠭ᠋ᠤᠯ ᠦᠨᠳᠦᠰᠦᠳᠡᠨ ᠤ ᠭᠦᠨ ᠤᠬᠠᠭᠠᠨ ᠤ ᠦᠵᠡᠯ ᠰᠠᠨᠠᠭᠠᠨ ᠤ ᠲᠡᠦᠬᠡᠨ ᠳᠡᠬᠢ《ᠲᠡᠭᠷᠢ》 ᠪᠤᠯᠤᠨ 《ᠬᠦᠮᠦᠨ》 ᠤ ᠬᠠᠷᠢᠴᠠᠭ᠎ᠠ |
Creator |
ᠪᠠᠭᠠᠨ᠎ᠠ |
Keyword |
ᠲᠡᠭᠷᠢ; ᠬᠦᠮᠦᠨ; ᠰᠦᠨᠡᠰᠦ ᠰᠠᠬᠢᠭᠤᠰᠤ; ᠰᠠᠬᠢᠭᠤᠯᠰᠤᠨ; ᠲᠡᠭᠷᠢ ᠶᠢᠨ ᠵᠠᠶᠠᠭᠠᠳᠤ ᠦᠵᠡᠯᠳᠡ; ᠲᠡᠭᠷᠢ ᠢᠪᠡᠭᠡᠬᠦ ᠦᠵᠡᠯᠳᠡ; ᠲᠡᠭᠷᠢ ᠶᠢᠨ ᠬᠦᠴᠦᠨ ᠤ ᠦᠵᠡᠯᠳᠡ; ᠲᠡᠭᠷᠢ ᠳᠤ ᠡᠶᠡᠯᠳᠦᠬᠦ; ᠮᠦᠨ ᠳ᠋ᠤᠷ ᠲᠤᠯᠭᠠᠬᠤ |
Abstract |
《ᠲᠡᠭᠷᠢ》ᠪᠤᠯᠤᠨ《ᠬᠦᠮᠦᠨ》ᠪᠤᠯ ᠮᠤᠩᠭ᠋ᠤᠯ ᠦᠨᠳᠦᠰᠦᠳᠡᠨ ᠤ ᠭᠦᠨ ᠤᠬᠠᠭᠠᠨ ᠤ ᠦᠵᠡᠯ ᠰᠠᠨᠠᠭᠠᠨ ᠤ ᠲᠡᠦᠬᠡᠨ ᠳ᠋ᠡᠬᠢ ᠴᠢᠬᠤᠯᠠ ᠬᠤᠶᠠᠷ ᠦᠨᠳᠦᠰᠦᠨ ᠠᠢ ᠪᠤᠯᠤᠨ᠎ᠠ᠃ ᠦᠭᠦᠯᠡᠯ ᠳᠤ《ᠲᠡᠭᠷᠢ》ᠪᠤᠯᠤᠨ《ᠬᠦᠮᠦᠨ》 ᠤ ᠦᠨᠳᠦᠰᠦᠨ ᠠᠢ ᠶᠢᠨ ᠡᠭᠦᠰᠦᠯ ᠢᠷᠡᠯ ᠪᠤᠯᠤᠨ ᠬᠦᠭ᠍ᠵᠢᠯ ᠬᠤᠪᠢᠷᠠᠯᠳᠠ ᠵᠢᠴᠢ ᠲᠡᠭᠦᠨ ᠤ ᠦᠨᠳᠦᠰᠦᠨ ᠠᠢ ᠶᠢᠨ ᠬᠠᠷᠢᠴᠠᠭ᠎ᠠ ᠬᠤᠯᠪᠤᠭ᠎ᠠ ᠶᠢ ᠲᠡᠳᠡᠨᠡᠷ ᠤᠨ ᠲᠡᠦᠬᠡᠨ ᠳ᠋ᠡᠬᠢ ᠠᠭᠤᠯᠭ᠎ᠠ ᠬᠡᠯᠪᠡᠷᠢ ᠶᠢᠨ ᠤᠨᠴᠠᠯᠢᠭ ᠲᠤ ᠲᠤᠬᠢᠷᠠᠭᠤᠯᠤᠨ ᠤᠢ᠌ᠯᠠᠭᠠᠨ ᠲᠠᠢ᠌ᠯᠪᠤᠷᠢᠯᠠᠪᠠ᠃ ᠡᠭᠦᠨ ᠳᠤ ᠪᠦᠬᠦ ᠠᠭᠤᠯᠭ᠎ᠠ ᠶᠢ《ᠲᠡᠭᠷᠢ》ᠪᠤᠯᠤᠨ《ᠬᠦᠮᠦᠨ》 ᠤ ᠬᠠᠷᠢᠴᠠᠭ᠎ᠠ ᠶᠢᠨ ᠡᠭᠦᠰᠦᠯ᠂ ᠪᠦᠭᠡ ᠶᠢᠨ ᠱᠠᠰᠢᠨ ᠤ ᠡᠭᠦᠰᠦᠯ ᠬᠦᠭ᠍ᠵᠢᠯ ᠤᠨ ᠶᠠᠪᠤᠴᠠ ᠳᠡᠬᠢ《ᠲᠡᠭᠷᠢ》ᠪᠤᠯᠤᠨ《ᠬᠦᠮᠦᠨ》 ᠤ ᠬᠠᠷᠢᠴᠠᠭ᠎ᠠ᠂ ᠤᠷᠤᠢ ᠶᠢᠨ ᠰᠠᠬᠢᠭᠤᠯᠰᠤᠨ ᠲᠡᠭᠷᠢ ᠪᠤᠢ ᠪᠤᠯᠤᠭᠰᠠᠨ ᠤ ᠲᠠᠷᠠᠭ᠎ᠠ《ᠲᠡᠭᠷᠢ》ᠪᠤᠯᠤᠨ《ᠬᠦᠮᠦᠨ》 ᠤ ᠬᠠᠷᠢᠴᠠᠭ᠎ᠠ᠂ ᠲᠡᠭᠷᠢ ᠶᠢᠨ ᠬᠦᠴᠦᠨ ᠤ ᠦᠵᠡᠯᠳᠡ ᠳᠡᠬᠢ《ᠲᠡᠭᠷᠢ》ᠪᠤᠯᠤᠨ《ᠬᠦᠮᠦᠨ》 ᠤ ᠬᠠᠷᠢᠴᠠᠭ᠎ᠠ᠂ ᠲᠡᠭᠷᠢ ᠳᠤ ᠡᠶᠡᠯᠳᠦᠬᠦ ᠦᠵᠡᠯ ᠰᠠᠨᠠᠭ᠎ᠠ ᠶᠢᠨ《ᠲᠡᠭᠷᠢ》ᠪᠤᠯᠤᠨ《ᠬᠦᠮᠦᠨ》 ᠤ ᠬᠠᠷᠢᠴᠠᠭ᠎ᠠ ᠬᠡᠮᠡᠨ ᠲᠠᠪᠤᠨ ᠪᠦᠯᠦᠭ ᠬᠤᠪᠢᠶᠠᠵᠤ᠂ ᠲᠡᠭᠦᠨ ᠤ ᠡᠭᠦᠰᠦᠯ ᠬᠦᠭ᠍ᠵᠢᠯ ᠤᠨ ᠰᠢᠰᠲ᠋ᠸᠮ ᠶᠢᠡᠷ ᠨᠢ ᠲᠠᠢ᠌ᠯᠪᠤᠷᠢᠯᠠᠪᠠ᠃ |
Original Literature |
No Original Paper
|
出自 |
内蒙古社会科学(蒙文版)
2001年
第6期
|