Paper Information


Title 《ᠴᠠᠭᠠᠨ ᠭᠡᠷ》 ᠤᠨ ᠰᠣᠶᠣᠯ ᠤᠨ ᠰᠣᠳᠣᠯᠣᠯ—《ᠶᠢᠰᠦᠨ ᠦᠷᠯᠦᠭ》᠂《ᠶᠢᠰᠦᠨ ᠪᠡᠯᠭᠡ》᠂《ᠪᠡᠯᠭᠡ ᠶᠢᠨ ᠵᠢᠭᠰᠠᠭᠠᠯ》᠂《ᠰᠢᠷ ᠠ ᠲᠠᠷᠠᠬᠤᠨ》
Creator ᠪᠦᠷᠢᠨᠪᠠᠲᠤ
Keyword —《ᠴᠠᠭᠠᠨ ᠭᠡᠷ》;《ᠶᠢᠰᠦᠨ ᠦᠷᠯᠦᠭ》;《ᠶᠢᠰᠦᠨ ᠪᠡᠯᠭᠡ》;《ᠪᠡᠯᠭᠡ ᠶᠢᠨ ᠵᠢᠭᠰᠠᠭᠠᠯ》;《ᠰᠢᠷ ᠠ ᠲᠠᠷᠠᠬᠤᠨ》
Abstract ᠲᠤᠰ ᠦᠭᠦᠯᠡᠯ ᠳᠤ᠂《ᠶᠡᠷᠦᠨᠬᠡᠢ ᠶᠢᠨ ᠰᠢᠲᠦᠭᠡᠨ》 ᠴᠠᠭᠠᠨ ᠭᠡᠷ ᠤᠨ ᠰᠣᠶᠣᠯ ᠢ ᠰᠣᠳᠤᠯᠬᠤ ᠪᠡᠷ ᠵᠣᠷᠢᠯᠭ᠋ ᠠ ᠪᠣᠯᠭᠠᠵᠤ᠂ ᠡᠭᠦᠨ ᠳᠤ ᠬᠤᠯᠪᠤᠭᠳᠠᠬᠤᠶᠢᠰᠦᠨ ᠦᠷᠯᠦᠭ》;《ᠶᠢᠰᠦᠨ ᠪᠡᠯᠭᠡ》;《ᠪᠡᠯᠭᠡ ᠶᠢᠨ ᠵᠢᠭᠰᠠᠭᠠᠯ》;《ᠰᠢᠷ ᠠ ᠰᠠᠷᠬᠤᠳ》ᠵᠡᠷᠬᠡ ᠪᠣᠳᠠᠳᠤ ᠵᠦᠢᠯᠡᠰ ᠢ ᠬᠠᠮᠢᠶ ᠠ ᠪᠦᠬᠦᠢ ᠲᠡᠮᠳᠡᠭᠯᠡᠯ ᠳᠤ ᠦᠨᠳᠦᠰᠦᠯᠡᠭᠦᠯᠦᠨ ᠲᠣᠳᠤᠷᠬᠠᠢᠢᠯᠠᠵᠤ᠂ᠡᠳᠡᠭᠡᠷ ᠤᠨ ᠠᠭᠤᠯᠭ᠋ ᠠ᠂ ᠬᠡᠯᠪᠡᠷᠢ ᠂ᠮᠦᠨ ᠴᠢᠨᠠᠷ᠂ ᠬᠣᠯᠪᠤᠭ᠋ ᠠ ᠬᠠᠷᠢᠴᠠᠭᠠᠨ ᠤ ᠬᠢᠨᠢ ᠮᠠᠭᠠᠳᠯᠠᠯᠲᠠ ᠬᠢᠭᠰᠡᠨ ᠪᠠᠢᠢᠨ᠌ ᠠ᠃《ᠶᠡᠷᠦᠩᠬᠡᠢ ᠶᠢᠨ ᠰᠢᠲᠦᠭᠡᠨ》 ᠴᠠᠭᠠᠨ ᠭᠡᠷ  ᠲᠤ 《ᠶᠢᠰᠦᠨ ᠪᠡᠯᠭᠡ》ᠪᠦᠷᠢᠨ ᠪᠠᠢᠢᠬᠤ ᠶᠡᠰᠤᠲᠠᠢ᠂ 《ᠶᠢᠰᠦᠨ ᠪᠡᠯᠭᠡ》 ᠵᠢ《ᠶᠢᠰᠦᠨ ᠦᠷᠯᠦᠭ》《ᠮᠡᠳᠡᠬᠦ》 ᠪᠠᠷᠢᠮᠳᠠᠳᠠᠢ᠂《ᠰᠢᠷ ᠠ ᠲᠠᠷᠠᠬᠤᠨ》ᠪᠣᠯ 《ᠶᠢᠰᠦᠨ ᠦᠷᠯᠦᠭ》 ᠲᠡᠷᠢᠭᠦᠲᠡᠨ ᠤ ᠠᠮᠢᠳᠤ ᠣᠷᠤ᠂ ᠪᠡᠯᠭᠡᠳᠢ ᠲᠦᠷᠢ ᠪᠠᠢᠢᠬᠤ ᠦᠨᠳᠦᠰᠦᠯᠡᠯᠲᠡᠢ᠂ 《ᠪᠡᠯᠭᠡ ᠶᠢᠨ ᠵᠢᠭᠰᠠᠭᠠᠯ》ᠪᠣᠯ ᠴᠢᠩᠭᠢᠰ ᠬᠠᠭᠠᠨ  ᠤ ᠬᠠᠭᠠᠨᠲᠤ ᠲᠦᠷᠦ ᠶᠢᠨ ᠬᠠᠮᠤᠭ ᠤᠨ ᠲᠡᠭᠡᠳᠦ ᠲᠦᠷᠦ ᠶᠢᠨ ᠶᠡᠰᠤᠯᠰᠯ ᠤᠨ ᠢᠯᠡᠷᠡᠬᠦ ᠬᠡᠯᠪᠡᠢ ᠪᠣᠯᠬᠤ ᠤᠴᠷᠢᠲᠠᠢ ᠭᠡᠬᠦ ᠮᠡᠲᠦ ᠠᠰᠠᠭᠤᠳᠠᠯ  ᠢ ᠲᠤᠷᠠᠳᠤᠨ ᠲᠣᠳᠤᠷᠬᠠᠢᠢᠯᠠᠭᠰᠠᠨ ᠪᠠᠢᠢᠨ᠌ ᠠ᠃ ᠶᠡᠷᠦᠩᠬᠡᠢᠢᠯᠡᠭᠡᠳ ᠬᠡᠯᠡᠯᠪᠡᠯ᠂ ᠣᠳᠣ ᠶᠢᠨ 《ᠴᠢᠩᠭᠢᠰ ᠤᠨ ᠣᠩᠭᠤᠨ 》ᠬᠡᠮᠡᠭᠳᠡᠵᠦ ᠪᠠᠢᠢᠭ᠋ ᠠ ᠡᠨᠡ ᠲᠤᠷᠠᠰᠬᠠᠯ ᠪᠣᠯ ᠦᠨᠡᠨᠳᠡᠭᠡᠨ ᠴᠢᠩᠭᠢᠰ ᠤᠨ ᠠᠮᠢᠳᠤ ᠰᠡᠷᠡᠭᠦᠨ ᠪᠠᠢᠢᠭᠰᠠᠨ ᠦᠶ ᠡ ᠶᠢᠨ ᠶᠡᠬᠡ ᠮᠣᠩᠭ᠋ᠤᠯ ᠬᠠᠭᠠᠨᠲᠤ ᠤᠯᠤᠯᠰ ᠤᠨ ᠪᠠᠭᠠᠰᠬᠠᠯ ᠲᠦᠷᠢ᠂ ᠬᠤᠷᠢᠶᠠᠩᠭ᠋ᠤᠢ ᠵᠠᠭᠪᠤᠷ ᠪᠣᠯᠬᠤ ᠶᠣᠮ ᠭᠡᠳᠡᠭ ᠦᠵᠡᠯᠲᠡ ᠵᠢ ᠲᠡᠪᠰᠢᠭᠦᠯᠵᠡᠢ᠃
Original Literature View Original Paper
出自 内蒙古大学学报 2011年 第2期

联系我们


内蒙古大学图书馆
呼和浩特市大学西路235号
中国·内蒙古
P: (0471) 4992561
E: huangfeilong@imu.edu.cn