Paper Information


Title ᠬᠦᠷᠢᠶ᠎ᠡ ᠬᠣᠷᠢᠮ ᠤᠨ ᠰᠢᠨ᠎ᠡ ᠬᠣᠪᠢᠷᠠᠯ ᠤᠨ ᠲᠤᠬᠠᠢ ᠳᠦᠭᠦᠮ ᠦᠭᠦᠯᠡᠬᠦ ᠨᠢ
Creator ᠮᠦᠩᠭᠦᠨᠴᠡᠴᠡᠭ
Keyword ᠤᠯᠠᠮᠵᠢᠯᠠᠯᠲᠤ ᠬᠦᠷᠢᠶ᠎ᠡ ᠬᠣᠷᠢᠮ; ᠬᠦᠷᠢᠶ᠎ᠡ ᠬᠣᠷᠢᠮ ᠤᠨ ᠬᠣᠪᠢᠰᠤᠯ
Abstract ᠬᠣᠷᠢᠮ ᠤᠨ ᠶᠣᠰᠤᠨ ᠨᠢ ᠨᠢᠭᠡᠨ ᠦᠨᠳᠦᠰᠦᠲᠡᠨ ᠦ ᠡᠷᠬᠢᠮ ᠨᠠᠨᠳᠢᠨ ᠵᠠᠩᠰᠢᠯ ᠤᠨ ᠭᠣᠴᠣ ᠰᠠᠢ᠌ᠬᠠᠨ ᠢᠯᠡᠷᠡᠯ᠂ ᠰᠣᠶᠣᠯ ᠤᠨ ᠦᠨᠡᠲᠦ ᠦᠪ ᠬᠦᠷᠦᠩᠭᠡ ᠶᠢᠨ ᠨᠢᠭᠡ ᠪᠣᠯᠤᠨ᠎ᠠ᠃ ᠣᠷᠤᠭ ᠬᠣᠷᠢᠮ ᠨᠢ ᠣᠷᠤᠨ ᠨᠤᠲᠤᠭ᠂ ᠠᠵᠤ ᠠᠬᠤᠢ ᠶᠢᠨ ᠣᠨᠴᠠᠯᠢᠭ ᠪᠠ ᠠᠮᠢᠳᠤᠷᠠᠯ ᠤᠨ ᠠᠷᠭ᠎ᠠ ᠬᠡᠯᠪᠡᠷᠢ ᠡᠴᠡ ᠪᠦᠷᠢᠯᠳᠦᠭᠰᠡᠨ ᠦ ᠬᠣᠪᠢ ᠳᠤ᠂ ᠲᠡᠷᠡ ᠨᠢ ᠦᠨᠳᠦᠰᠦᠲᠡᠨ ᠦ ᠰᠣᠶᠣᠯ᠂ ᠵᠠᠩ ᠵᠠᠩᠰᠢᠯ᠂ ᠦᠭᠡ ᠬᠡᠯᠡ᠂ ᠤᠶᠤᠨ ᠤᠬᠠᠭᠠᠨ ᠤ ᠲᠣᠳᠣ ᠢᠯᠡᠷᠡᠯ ᠪᠣᠯᠵᠤ ᠪᠠᠢ᠌ᠳᠠᠭ᠃ ᠬᠦᠷᠢᠶ᠎ᠡ ᠬᠣᠷᠢᠮ ᠨᠢ ᠬᠦᠷᠢᠶ᠎ᠡ ᠮᠣᠩᠭ᠋ᠤᠯᠴᠤᠳ ᠤᠨ ᠵᠠᠩ ᠵᠠᠩᠰᠢᠯ᠂ ᠠᠮᠢᠳᠤᠷᠠᠯ ᠣᠷᠴᠢᠨ ᠠᠬᠤᠢ ᠪᠠ ᠣᠷᠤᠨ ᠨᠤᠲᠤᠭ ᠤᠨ ᠣᠨᠴᠠᠯᠢᠭ ᠢ ᠪᠣᠳᠠᠳᠠᠢ ᠪᠠᠷ ᠳᠤᠰᠭᠠᠵᠤ᠂ ᠠᠮᠢᠳᠤᠯᠢᠭ ᠢᠶᠡᠷ ᠬᠠᠷᠠᠭᠤᠯᠵᠤ ᠪᠠᠢ᠌ᠳᠠᠭ᠃ ᠨᠡᠢ᠌ᠭᠡᠮ ᠲᠡᠥᠬᠡ ᠶᠢᠨ ᠪᠣᠳᠠᠳᠤ ᠰᠢᠯᠲᠠᠭᠠᠨ ᠡᠴᠡ ᠪᠣᠯᠵᠤ᠂ ᠬᠦᠷᠢᠶ᠎ᠡ ᠬᠣᠷᠢᠮ ᠬᠣᠪᠢᠰᠤᠨ ᠣᠨᠳᠣᠣᠰᠢᠵᠤ᠂ ᠣᠳᠣ ᠦᠶ᠎ᠡ ᠶᠢᠨ ᠬᠦᠷᠢᠶ᠎ᠡ ᠬᠣᠷᠢᠮ ᠨᠢ ᠤᠯᠠᠮᠵᠢᠯᠠᠯᠲᠤ ᠬᠦᠷᠢᠶ᠎ᠡ ᠬᠣᠷᠢᠮ ᠲᠠᠢ ᠬᠠᠷᠢᠴᠠᠭᠤᠯᠪᠠᠯ ᠦᠪᠡᠷ ᠦᠨ ᠢᠶᠡᠨ ᠰᠢᠨ᠎ᠡ ᠬᠣᠪᠢᠷᠠᠯᠲᠠ ᠲᠠᠢ ᠪᠣᠯᠤᠭᠰᠠᠨ ᠪᠠᠢ᠌ᠨ᠎ᠠ᠃
Original Literature View Original Paper
出自 内蒙古民族大学学报(社会科学) 2009年 第4期

联系我们


内蒙古大学图书馆
呼和浩特市大学西路235号
中国·内蒙古
P: (0471) 4992561
E: huangfeilong@imu.edu.cn