Abstract |
ᠪᠤᠷᠢᠶᠠᠳ ᠤᠨ ᠠᠭᠸᠠᠩ ᠲᠤᠷᠵᠢᠶᠸᠸ ᠯᠠᠮᠠ 1905 ᠤᠨ ᠳᠤ ᠸᠠᠭᠢᠨᠳᠠᠷ᠎ᠠ ᠦᠰᠦᠭ ᠢ ᠠᠩᠬ᠎ᠠ ᠵᠤᠬᠢᠶᠠᠭᠰᠠᠨ ᠡᠴᠡ ᠡᠬᠢᠯᠡᠨ ᠲᠡᠷᠡ ᠦᠰᠦᠭ ᠲᠤ ᠬᠠᠯᠠᠭᠤᠨ ᠲᠠᠢ ᠪᠠᠢ᠌ᠭᠰᠠᠨ ᠪᠤᠷᠢᠶᠠᠳ ᠤᠨ ᠪᠢᠴᠢᠭ᠍ᠳᠡᠨ ᠬᠦᠮᠦᠰ ᠪᠢᠴᠢᠮᠡᠯ ᠪᠤᠯᠤᠨ ᠬᠡᠪᠯᠡᠯ ᠶᠢᠡᠷ ᠠᠷᠪᠠᠭᠠᠳ ᠨᠤᠮ ᠢ ᠲᠤᠭᠤᠷᠪᠢᠨ ᠪᠤᠷᠢᠶᠠᠳ ᠤᠨ ᠤᠯᠠᠨ ᠲᠦᠮᠡᠨ ᠳᠤ ᠲᠠᠷᠬᠠᠭᠠᠵᠤ᠂ ᠪᠤᠷᠢᠶᠠᠳ ᠬᠡᠯᠡ ᠪᠢᠴᠢᠭ᠌ ᠢ ᠲᠡᠯᠭᠡᠷᠡᠭᠦᠯᠬᠦ ᠳᠤ ᠲᠤᠰᠠ ᠪᠤᠯᠭᠠᠵᠤ ᠪᠠᠢ᠌ᠵᠠᠢ᠃ ᠡᠳᠡᠭᠡᠷ ᠰᠤᠷᠪᠤᠯᠵᠢ ᠪᠢᠴᠢᠭ᠌ ᠤᠳ ᠨᠢ ᠤᠳᠤ ᠤᠷᠤᠰ᠂ ᠮᠤᠩᠭ᠋ᠤᠯ ᠤᠨ ᠨᠤᠮ ᠤᠨ ᠰᠠᠩ ᠤᠳ ᠲᠤ ᠬᠠᠳᠠᠭᠠᠯᠠᠭᠳᠠᠵᠤ ᠢᠯᠡ ᠨᠡᠢ᠌ᠳᠡᠯᠡᠭᠳᠡᠭᠡ ᠦᠭᠡᠢ ᠪᠠᠢ᠌ᠭᠰᠠᠭᠠᠷ ᠲᠤᠯᠠ ᠡᠨᠡ ᠴᠢᠭ᠍ᠯᠡᠯ ᠤᠨ ᠰᠤᠳᠤᠯᠭᠠᠨ ᠳᠤ ᠲᠦᠪᠡᠭ ᠤᠴᠠᠷᠠᠭᠤᠯᠤᠭᠰᠠᠭᠠᠷ ᠪᠤᠢ᠃ ᠲᠤᠰ ᠦᠭᠦᠯᠡᠯ ᠳᠤ ᠪᠤᠷᠢᠶᠠᠳ ᠸᠠᠭᠢᠨᠳᠠᠷ᠎ᠠ ᠦᠰᠦᠭ ᠤᠨ ᠰᠤᠷᠪᠤᠯᠵᠢ ᠪᠢᠴᠢᠭ᠌ ᠤᠳ ᠢ ᠪᠦᠬᠦᠨ ᠢ ᠬᠤᠷᠢᠶᠠᠨ ᠨᠢᠭᠡᠪᠤᠷᠢᠴᠢᠯᠡᠨ ᠰᠢᠭᠦᠵᠦ ᠦᠵᠡᠭᠰᠡᠨ ᠤ ᠰᠠᠭᠤᠷᠢᠨ ᠲᠡᠭᠡᠷ᠎ᠡ ᠰᠤᠷᠪᠤᠯᠵᠢ ᠪᠢᠴᠢᠭ᠌ ᠤᠨ ᠲᠠᠨᠢᠯᠴᠠᠭᠤᠯᠭ᠎ᠠ ᠶᠢᠨ ᠡᠭᠦᠳᠡᠨ ᠡᠴᠡ ᠪᠢᠴᠢᠭ᠌ ᠨᠢᠭᠡᠪᠦᠷᠢ ᠶᠢᠨ ᠠᠭᠤᠯᠭ᠎ᠠ᠂ ᠡᠰᠢ ᠢᠷᠡᠯ ᠤᠨ ᠲᠤᠬᠠᠢ ᠲᠤᠢ᠌ᠮᠤᠴᠢᠯᠠᠨ ᠲᠠᠨᠢᠯᠴᠠᠭᠤᠯᠬᠤ ᠶᠢ ᠵᠤᠷᠢᠪᠠ᠃ |