Paper Information


Title ᠬᠠᠯᠬ᠎ᠠ ᠶᠢᠨ ᠵᠠᠬᠦᠨ ᠭᠠᠷ ᠤᠨ ᠬᠤᠰᠢᠭᠤᠨ ᠤ ᠵᠠᠰᠠᠭ ᠬᠡᠵᠢᠶ᠎ᠡ ᠪᠠᠢ᠋ᠭᠤᠯᠤᠭᠳᠠᠭᠰᠠᠨ ᠲᠤᠬᠠᠢ-ᠬᠤᠯᠪᠤᠭᠳᠠᠯ ᠪᠦᠬᠦᠢ ᠬᠡᠳᠤᠨ ᠬᠤᠪᠢ ᠠᠢ᠋ᠯᠠᠳᠬᠠᠯ ᠪᠢᠴᠢᠭ᠌ ᠢ ᠵᠠᠳᠠᠯᠤᠨ ᠰᠢᠨᠵᠢᠯᠡᠬᠦ ᠨᠢ
Creator ᠮᠠᠩᠭ᠋ᠤᠳ ᠡᠷᠳᠡᠨᠢᠪᠠᠭᠠᠳᠤᠷ
Keyword ᠬᠦᠮᠪᠦ ᠢᠯᠳᠡᠩ; ᠬᠠᠯᠬ᠎ᠠ ᠶᠢᠨ ᠵᠠᠬᠦᠨ ᠭᠠᠷ ᠤᠨ ᠬᠤᠰᠢᠭᠤ;《ᠴᠠᠬᠠᠷ ᠤᠯᠤᠰ》;ᠠᠢ᠋ᠯᠠᠳᠬᠠᠯ ᠪᠢᠴᠢᠭ᠌
Abstract ᠦᠬᠦᠯᠡᠯ ᠳᠤ《 ᠲᠠᠢ᠋ᠴᠢᠩ ᠬᠦᠷᠦᠨ ᠤ ᠡᠬᠢᠨ ᠤ ᠦᠶ᠎ᠡ ᠶᠢᠨ ᠭᠠᠳᠠᠭᠠᠳᠤ ᠮᠤᠩᠭ᠋ᠤᠯ ᠤᠨ ᠲᠦᠷᠦ ᠵᠢ ᠵᠠᠰᠠᠬᠤ ᠶᠠᠪᠤᠳᠠᠯ ᠤᠨ ᠶᠠᠮᠦᠨ ᠤ ᠮᠠᠨᠵᠦ ᠮᠤᠩᠭ᠋ᠤᠯ ᠠᠢ᠋ᠯᠠᠳᠬᠠᠯ ᠤᠨ ᠲᠡᠪᠳᠡᠷ ᠤᠳ》 ᠲᠡᠬᠢ ᠬᠠᠯᠬ᠎ᠠ ᠶᠢᠨ ᠬᠦᠮᠪᠦ ᠢᠯᠳᠡᠩ ᠳᠤ ᠬᠤᠯᠪᠤᠭᠳᠠᠭᠰᠠᠨ ᠭᠤᠷᠪᠠᠨ ᠬᠤᠪᠢ ᠮᠠᠨᠵᠦ ᠠᠢ᠋ᠯᠠᠳᠬᠠᠯ ᠢ ᠰᠢᠨᠵᠢᠯᠡᠬᠦ ᠪᠡᠷ ᠲᠠᠮᠵᠢᠭᠤᠯᠵᠦ᠂ ᠵᠤᠤ ᠤᠳᠠ ᠶᠢᠨ ᠴᠢᠭᠤᠯᠭᠠᠨ ᠤ ᠬᠠᠯᠬ᠎ᠠ ᠵᠠᠬᠦᠨ ᠭᠠᠷ ᠤᠨ ᠬᠤᠰᠢᠭᠤᠨ ᠤ ᠬᠤᠰᠢᠭᠤ ᠵᠠᠰᠠᠭ ᠪᠠᠢ᠋ᠭᠤᠯᠤᠭᠳᠠᠭᠰᠠᠨ ᠡᠭᠡᠳᠡᠷᠡᠭᠡᠨ ᠪᠤᠳᠤᠯᠢᠶᠠᠨᠳᠤ ᠲᠡᠤᠭᠡ ᠶᠢᠨ ᠨᠢᠭᠡᠨ ᠬᠡᠰᠡᠭ ᠢ ᠤᠯᠠᠨ᠎ᠠ ᠲᠤᠯᠢᠯᠠᠭᠤᠯᠬᠤ ᠶᠢᠨ ᠬᠠᠮᠳᠤ ᠪᠦᠷᠨᠡᠢ ᠴᠢᠨ ᠸᠠᠩ ᠤᠨ ᠬᠤᠰᠢᠭᠤᠨ ᠤ ᠬᠠᠭᠤᠴᠢᠨ ᠨᠤᠳᠤᠭ ᠲᠤ ᠬᠤᠯᠪᠤᠭᠳᠠᠭᠰᠠᠨ ᠨᠢᠭᠡᠨ ᠬᠤᠪᠢ ᠲᠠᠩᠰᠠ᠂ ᠲᠠᠢ᠋ᠴᠢᠩ ᠬᠦᠷᠦᠨ ᠤ ᠠᠯᠪᠠᠨ ᠡᠴᠨ ᠨᠠᠢ᠋ᠷᠠᠭᠤᠯᠤᠭᠰᠠᠨ《 ᠳ᠋ᠠ ᠴᠢᠩ ᠲᠦᠩ ᡁᠢ》᠂《ᠮᠤᠩᠭ᠋ᠤᠯ ᠤᠨ ᠬᠤᠰᠢᠭᠤ ᠨᠤᠳᠤᠭ ᠤᠨ ᠲᠠᠮᠳᠡᠭᠯᠡᠯ》 ᠵᠢᠴᠢ《ᠮᠤᠩᠭ᠋ᠤᠯ ᠨᠤᠳᠤᠭ ᠤᠨ ᠭᠠᠵᠠᠷ ᠤᠨ ᠵᠢᠷᠤᠭ》 ᠤᠳ ᠢ ᠠᠰᠢᠭᠯᠠᠨ ᠪᠠᠢ᠋ᠵᠦ᠂ ᠬᠠᠯᠬ᠎ᠠ ᠵᠠᠬᠦᠨ ᠭᠠᠷ ᠤᠨ ᠬᠤᠰᠢᠭᠤᠨ ᠤ ᠨᠤᠳᠤᠭ ᠤᠰᠤᠨ ᠤ ᠤᠯᠠᠷᠢᠯ ᠬᠤᠪᠢᠷᠠᠯ ᠪᠠ ᠤᠷᠤᠨ ᠪᠠᠢ᠋ᠷᠢ ᠵᠢ ᠨᠢᠭᠡᠳ ᠨᠢᠭᠡ ᠪᠡᠷ ᠲᠤᠳᠤᠯᠠᠪᠠ᠃
Original Literature View Original Paper
出自 内蒙古社会科学(蒙文版) 2017年 第4期

联系我们


内蒙古大学图书馆
呼和浩特市大学西路235号
中国·内蒙古
P: (0471) 4992561
E: huangfeilong@imu.edu.cn