Paper Information


Title ᠯᠠᠮᠠ ᠵᠣᠬᠢᠶᠠᠯᠴᠢᠳ ᠤᠨ ᠠᠮᠢᠳᠤᠷᠠᠬᠤᠢ ᠣᠪᠤᠷ - ᠲᠣᠭᠣᠰᠤᠲᠤ ᠶᠢᠷᠲᠢᠨᠴᠣ ᠬᠢᠭᠡᠳ ᠠᠷᠢᠯᠤᠭᠰᠠᠨ ᠣᠷᠤᠨ - ᠶᠢᠷᠲᠢᠨᠴᠣ ᠡᠴᠡ ᠲᠤᠨᠢᠯᠭᠠᠬᠤᠢ ᠨᠣᠮᠯᠠᠯ ᠬᠢᠭᠡᠳ ᠯᠠᠮᠠ ᠶᠢᠨ ᠲᠣᠭᠤᠷᠪᠢᠯ ᠤᠨ ᠦᠷᠳᠡᠭ ᠦᠨ ᠬᠠᠨᠳᠤᠯᠭ᠎ᠠ
Creator ᠲᠣᠷᠤᠨᠠᠲ᠋ᠡᠭᠷᠢ
Keyword ᠯᠠᠮᠠ ᠵᠣᠬᠢᠶᠠᠯᠴᠢᠳ; ᠪᠣᠷᠬᠠᠨ ᠤ ᠱᠠᠰᠢᠨ; ᠠᠷᠢᠯᠤᠭᠰᠠᠨ ᠣᠷᠤᠨ
Abstract ᠯᠠᠮᠠ ᠵᠣᠬᠢᠶᠠᠯᠴᠢᠳ ᠪᠣᠯ ᠲᠣᠭᠤᠰᠤᠲᠤ ᠶᠢᠷᠲᠢᠨᠴᠣ ᠬᠢᠭᠡᠳ ᠠᠷᠢᠯᠤᠭᠰᠠᠨ ᠣᠷᠤᠨ ᠤ ᠬᠣᠭᠣᠷᠣᠨᠳᠣ ᠶᠢᠨ ᠵᠣᠷᠴᠢᠭᠴᠢ ᠮᠦᠨ᠃ ᠮᠠᠬᠠᠪᠤᠳ ᠪᠡᠶ᠎ᠡ ᠨᠢ ᠲᠣᠭᠤᠰᠤᠲᠤ ᠶᠢᠷᠲᠢᠨᠴᠣ ᠶᠢᠨ ᠬᠢ ᠪᠣᠯᠪᠠᠴᠣ ᠤᠶᠤᠨ ᠰᠦᠨᠡᠰᠦ ᠨᠢ ᠠᠷᠢᠯᠤᠭᠰᠠᠨ ᠣᠷᠤᠨ ᠤ ᠬᠢ ᠪᠠᠢ᠌ᠳᠠᠭ᠃ ᠲᠣᠭᠤᠰᠤᠲᠤ ᠶᠢᠷᠲᠢᠨᠴᠣ ᠶᠢ ᠲᠠᠪᠴᠢᠨ ᠠᠷᠢᠯᠤᠭᠰᠠᠨ ᠣᠷᠤᠨ ᠢ ᠮᠦᠷᠦᠭᠡᠳᠬᠦ ᠨᠢ ᠯᠠᠮᠠ ᠵᠣᠬᠢᠶᠠᠯᠴᠢᠳ ᠤᠨ ᠠᠮᠢᠳᠤᠷᠠᠬᠤᠢ ᠣᠪᠤᠷ ᠮᠦᠨ᠃ ᠪᠣᠷᠬᠠᠨ ᠤ ᠱᠠᠰᠢᠨ ᠢ ᠳᠡᠯᠭᠡᠷᠡᠭᠦᠯᠬᠦ᠂ ᠪᠣᠷᠬᠠᠨ ᠤ ᠰᠤᠷᠭᠠᠯ ᠢᠶᠡᠷ ᠠᠮᠢᠲᠠᠨ ᠵᠢᠷᠭᠤᠭᠠᠨ ᠵᠦᠢᠯ ᠢ ᠵᠣᠪᠠᠯᠠᠩ ᠤᠨ ᠳᠠᠯᠠᠢ ᠡᠴᠡ ᠳᠣᠨᠢᠯᠭᠠᠬᠤ᠂ ᠨᠢᠭᠦᠯ ᠢ ᠳᠡᠪᠴᠢᠵᠦ ᠪᠣᠶᠠᠨ ᠬᠤᠷᠢᠶᠠᠬᠤ᠂ ᠪᠣᠷᠬᠠᠨ ᠤ ᠬᠤᠲᠤᠭ ᠢ ᠣᠯᠬᠤ ᠭᠡᠬᠦ ᠮᠡᠲᠦ ᠶᠢᠨ ᠤᠷᠢᠳᠴᠢᠯᠠᠭᠰᠠᠨ ᠦᠷᠳᠡᠭ ᠦᠨ ᠲᠦᠰᠦᠭᠯᠡᠯ ᠨᠢ ᠯᠠᠮᠠ ᠶᠢᠨ ᠲᠣᠭᠤᠷᠪᠢᠯ ᠤᠨ ᠤᠳᠬ᠎ᠠ ᠰᠠᠨᠠᠭ᠎ᠠ ᠶᠢᠨ ᠬᠠᠨᠳᠤᠯᠭ᠎ᠠ ᠶᠢ ᠰᠢ᠌ᠳᠪᠦᠷᠢᠯᠡᠭᠰᠡᠨ ᠪᠠᠢ᠌ᠵᠠᠢ᠃ ᠪᠣᠷᠬᠠᠨ ᠤ ᠱᠠᠰᠢᠨ ᠤ ᠬᠦᠴᠦᠲᠡᠢ ᠳᠡᠯᠭᠡᠷᠡᠯᠲᠡ ᠶᠢᠨ ᠦᠶ᠎ᠡ ᠰᠥ ᠯᠠᠮᠠ ᠶᠢᠨ ᠲᠣᠭᠤᠷᠪᠢᠯ ᠨᠢ ᠦᠨᠳᠦᠰᠦᠨ ᠳᠡᠭᠡᠨ ᠠᠮᠢᠲᠠᠨ ᠵᠢᠷᠭᠤᠭᠠᠨ ᠵᠦᠢᠯ ᠢ ᠶᠢᠷᠲᠢᠨᠴᠣ ᠡᠴᠡ ᠲᠣᠨᠢᠯᠭᠠᠬᠤ ᠰᠤᠷᠭᠠᠯ ᠢ ᠤᠬᠠᠭᠤᠯᠵᠤ ᠪᠠᠢ᠌ᠭᠰᠠᠨ ᠭᠡᠵᠦ ᠵᠣᠬᠢᠶᠠᠯ ᠳᠤ ᠪᠢᠴᠢᠵᠡᠢ᠃
Original Literature View Original Paper
出自 内蒙古民族大学学报(社会科学) 2007年 第3期

联系我们


内蒙古大学图书馆
呼和浩特市大学西路235号
中国·内蒙古
P: (0471) 4992561
E: huangfeilong@imu.edu.cn