Paper Information


Title ᠣᠢᠢᠷᠠᠳ ᠲᠣᠣᠯᠢ ᠶᠢᠨ ᠰᠢᠯᠦᠭᠯᠡᠯ ᠤᠨ ᠬᠡᠪᠰᠢᠯ ᠤᠨ ᠰᠢᠢᠨᠵᠢᠯᠡᠯ—ᠪᠠᠶᠠᠳ ᠲᠣᠣᠯᠢ ᠶᠢᠨ ᠵᠢᠱᠢᠶᠡᠨ ᠳᠡᠭᠡᠷ ᠡ
Creator ᠮᠦᠷᠡᠨ
Keyword ᠰᠢᠯᠦᠭᠯᠡᠯ ᠤᠨ ᠬᠡᠪᠰᠢᠯ;ᠰᠣᠳᠤᠯᠭᠠᠨ ᠤ ᠤᠯᠠᠮᠵᠢᠯᠠᠯ
Abstract ᠮᠣᠩᠭ᠋ᠤᠯ ᠲᠣᠣᠯᠢ ᠶᠢᠨ ᠲᠦᠪ ᠤᠳᠤᠮᠰᠢᠯᠲᠤ ᠰᠢᠨᠵᠢ ᠶᠢᠨ ᠴᠢᠬᠤᠯᠠ ᠨᠢᠭᠡ ᠲᠠᠯ ᠠ ᠨᠢ ᠪᠠᠶᠠᠯᠢᠭ ᠬᠡᠪᠰᠢᠯ ᠪᠦᠬᠦᠢ ᠬᠡᠬᠡᠯᠭᠡ ᠪᠠᠢᠢᠬᠤ ᠳᠤ ᠣᠷᠤᠰᠢᠨ᠌ ᠠ᠃ ᠬᠡᠷᠪᠡ ᠲᠣᠣᠯᠢ ᠶᠢᠨ ᠬᠦᠦᠷᠨᠢᠯ ᠤᠨ ᠪᠦᠲᠦᠴᠡ ᠵᠠᠭᠪᠤᠷ ᠢ ᠮᠣᠩᠭ᠋ᠤᠯ ᠲᠣᠣᠯᠢ ᠵᠢ ᠪᠦᠲᠦᠭᠡᠭ᠍ᠰᠡᠨ《ᠠᠷᠠᠭ ᠶᠠᠰᠤ》ᠭᠡᠵᠦ ᠦᠵᠡᠪᠡᠯ᠂ ᠰᠢᠯᠦᠭᠡᠯᠯ ᠤᠨ ᠪᠦᠲᠦᠴᠡ ᠬᠡᠪᠰᠢᠯ ᠨᠢ ᠲᠣᠣᠯᠢ ᠳᠤ《ᠮᠢᠬ ᠠ ᠴᠢᠰᠤ》 ᠣᠷᠤᠭᠤᠯᠤᠨ ᠠᠮᠢᠯᠠᠭᠤᠯᠵᠤ ᠪᠦᠬᠦᠢ ᠨᠦᠭᠦᠭᠡ ᠨᠢᠭᠡᠨ ᠴᠢᠬᠤᠯᠠ ᠪᠦᠷᠯᠳᠦᠭᠦᠨ ᠬᠡᠰᠡᠭ ᠨᠢ ᠪᠠᠢᠢᠵᠤ ᠲᠠᠭᠠᠷᠠᠨ᠌ ᠠ᠃ ᠣᠯᠩᠬᠢ ᠮᠣᠩᠭ᠋ᠤᠯ ᠲᠣᠣᠯᠢ ᠨᠢ ᠨᠡᠢᠢᠲᠡᠯᠢᠭ ᠵᠠᠭᠪᠤᠷ ᠪᠦᠬᠦᠢ ᠬᠦᠦᠷᠨᠢᠯ ᠦᠯᠢᠭᠡᠷ ᠢᠢᠡᠨ ᠰᠢᠯᠦᠭᠯᠡᠭᠰᠡᠨ ᠲᠢᠭ᠌ ᠢᠢᠡᠷ ᠢᠯᠡᠳᠭᠡᠭ᠍ᠰᠡᠨ ᠪᠠᠢᠢᠳᠠᠭ ᠮᠦᠷᠲᠡᠭᠡᠨ ᠲᠣᠣᠯᠢ ᠵᠢ ᠪᠦᠲᠦᠭᠡᠭ᠍ᠰᠡᠨ ᠰᠢᠯᠦᠭ ᠤᠨ ᠮᠦᠷ ᠪᠠᠲᠠᠭ ᠨᠢ ᠶᠠᠮᠠᠷ ᠨᠢᠭᠡᠨ ᠴᠢᠯᠦᠭᠡᠲᠦ ᠰᠢᠯᠦᠭᠴᠢᠨ ᠤ ᠪᠦᠲᠦᠭᠡᠯ ᠰᠢᠭ᠌ ᠶᠠᠩᠵᠦ ᠪᠦᠷᠢ ᠶᠢᠨ ᠴᠢᠯᠦᠭᠡᠲᠦ ᠲᠦᠷᠰᠦᠯᠡᠯ ᠡᠴᠡ ᠪᠦᠲᠦᠳᠡᠭ ᠪᠢᠰᠢ᠂ ᠬᠠᠷᠢᠨ ᠮᠦᠨ ᠬᠦᠦᠷᠨᠢᠯ ᠤᠨ ᠪᠦᠲᠦᠴᠡ ᠶᠢᠨ ᠢᠢᠡᠨ ᠠᠳᠠᠯᠢ᠂ ᠡᠷᠲᠡ ᠤᠵᠤᠭᠤᠷ(ᠮᠣᠩᠭ᠋ᠤᠯ ᠲᠣᠣᠯᠢ ᠶᠢᠨ ᠡᠭᠦᠰᠦᠨ ᠪᠦᠷᠢᠯᠳᠦᠭᠰᠡᠨ) ᠴᠠᠭ ᠦᠶ ᠡ ᠡᠴᠡ ᠤᠯᠠᠮᠵᠢᠯᠠᠨ ᠢᠷᠡᠭᠰᠡᠨ ᠴᠢᠩᠳᠠ ᠬᠡᠪᠰᠢᠯ ᠵᠠᠭᠪᠤᠷ ᠢᠢᠡᠷ 《ᠵᠦᠬᠢᠶᠠᠨ ᠪᠦᠲᠦᠭᠡᠭ᠍ᠳᠡᠳᠡᠭ》ᠭᠡᠰᠡᠨ ᠢ《ᠠᠮᠠᠨ ᠤᠯᠠᠮᠵᠢᠯᠠᠯ ᠤᠨ ᠬᠡᠪᠰᠢᠯ ᠤᠨ ᠣᠨᠤᠯ》ᠡᠭᠡᠳᠦᠭᠴᠢ ᠫᠠᠷᠷᠢ᠂ᠯᠣᠷᠳ᠋ ᠨᠠᠷ ᠪᠠ ᠡᠨᠡ ᠬᠦ ᠠᠷᠭ᠋ ᠠ ᠵᠢ ᠬᠡᠷᠡᠭᠯᠡᠨ ᠰᠣᠳᠤᠯᠭᠠᠨ ᠭᠢᠭ᠍ᠰᠡᠨ ᠡᠷᠳᠡᠮᠲᠡᠳ ᠰᠣᠳᠤᠯᠭᠠᠨ ᠤ ᠶᠠᠪᠤᠴᠠ ᠳᠠᠭᠠᠨ ᠠᠵᠢᠭᠯᠠᠵᠤ ᠣᠯᠤᠭᠰᠠᠨ ᠪᠠᠢᠢᠳᠠᠭ᠃ ᠡᠨᠳᠡ ᠸᠢᠭᠸᠦ᠋᠌ ᠡᠴᠡ ᠰᠦᠪᠡᠭ᠍ᠴᠢ ᠡᠭᠦᠰᠭᠡᠨ᠂ᠫᠠᠷᠷᠢ᠂ᠯᠣᠷᠳ᠋ ᠤᠨ 《ᠠᠮᠠᠨ ᠤᠯᠠᠮᠵᠢᠯᠠᠯ ᠤᠨ ᠬᠡᠪᠰᠢᠮᠡᠯ ᠤᠨ ᠣᠨᠤᠯ 》ᠬᠦᠷᠲᠡᠯᠡᠬᠢ ᠲᠣᠣᠯᠢ ᠰᠣᠳᠣᠯᠣᠯ ᠤᠨ ᠬᠦᠷᠢᠶᠡᠨ ᠳᠡᠬᠢ ᠰᠢᠯᠦᠭᠯᠡᠯ ᠤᠨ ᠬᠡᠪᠰᠢᠯ ᠤᠨ ᠬᠠᠮᠢᠶᠠᠲᠠᠢ ᠰᠣᠳᠤᠯᠭᠠᠨ ᠪ ᠤᠯᠠᠮᠵᠢᠯᠠᠯ ᠢ ᠰᠢᠭᠦᠨ ᠦᠵᠡᠭᠰᠡᠨ ᠰᠠᠭᠤᠷᠢᠨ ᠲᠡᠭᠡᠷ ᠡ᠂ ᠪᠠᠶᠠᠳ ᠲᠣᠣᠯᠢ ᠪᠡᠷ ᠵᠢᠱᠢᠶᠠᠯᠠᠵᠦ ᠣᠢᠢᠷᠠᠳ ᠲᠣᠣᠯᠢ᠂ᠲᠡᠷᠡᠴᠢᠯᠡᠨ ᠨᠡᠢᠢᠲᠡ ᠮᠣᠩᠭ᠋ᠤᠯ ᠲᠣᠣᠯᠢ ᠶᠢᠨ ᠬᠦᠦᠷᠨᠢᠯ ᠤᠨ ᠪᠦᠬᠦ ᠶᠠᠪᠤᠴᠠ ᠦᠭᠦᠯᠡᠮᠵᠢ ᠪᠠᠨ ᠲᠣᠭᠲᠠᠩᠭ᠋ᠤᠢ ᠵᠠᠭᠪᠤᠷ ᠪᠦᠬᠦᠢ ᠪᠠᠶᠠᠯᠢᠭ ᠬᠡᠯᠡ ᠬᠡᠪᠰᠢᠯ ᠢᠢᠡᠷ ᠢᠯᠡᠳᠭᠡᠳᠡᠭ ᠰᠢᠯᠦᠭᠯᠡᠯ ᠤᠨ ᠬᠡᠪᠰᠢᠯ ᠤᠳᠤᠮᠰᠢᠯ ᠢ ᠪᠣᠲᠠᠲᠠᠢᠢᠴᠢᠯᠠᠨ ᠰᠢᠨᠵᠢᠯᠡᠪᠡ᠃
Original Literature View Original Paper
出自 中国蒙古学 2011年 第4期

联系我们


内蒙古大学图书馆
呼和浩特市大学西路235号
中国·内蒙古
P: (0471) 4992561
E: huangfeilong@imu.edu.cn