Paper Information


Title ᠵᠡᠭᠦᠨ ᠣᠷᠤᠨ ᠤ ᠠᠷᠠᠳ ᠤᠨ ᠲᠠᠭᠤᠤ ᠳ᠋ᠡᠬᠢ ᠲᠠᠮᠠᠬᠢᠨ ᠤᠭᠤᠲᠠ ᠶᠢᠨ ᠪᠡᠯᠭᠡᠲᠡᠯ
Creator ᠰᠢ•ᠬᠠᠰᠪᠠᠭᠠᠲᠤᠷ
Keyword ᠠᠷᠠᠳ ᠤᠨ ᠲᠠᠭᠤᠤ; ᠲᠠᠮᠠᠬᠢᠨ ᠤᠭᠤᠲᠠ;ᠫᠢᠤᠳᠠᠢ; ᠪᠡᠯᠭᠡᠳᠡᠯ
Abstract ᠲᠤᠰ ᠦᠭᠦᠯᠡᠯ ᠳ᠋ᠤ ᠵᠢᠭᠠᠵᠤ ᠪᠠᠢᠭ᠎ᠠ ᠵᠡᠭᠦᠨ ᠣᠷᠤᠨ ᠭᠡᠳᠡᠭ ᠪᠣᠯ ᠦᠪᠦᠷ ᠮᠣᠩᠭᠤᠯ ᠤᠨ ᠵᠢᠷᠢᠮ᠂ ᠵᠤᠤ ᠤᠳᠠ᠂ ᠬᠢᠩᠭᠠᠨ ᠪᠠ ᠯᠢᠶᠣᠤᠨᠢᠩ ᠤᠨ ᠮᠣᠩᠭᠤᠯᠵᠢᠨ᠂ ᠵᠢᠷᠢᠨ ᠤ ᠭᠤᠷᠯᠤᠰ ᠵᠡᠷᠭᠡ ᠭᠠᠵᠠᠷ ᠪᠣᠯᠤᠨ᠎ᠠ᠃ ᠦᠭᠦᠯᠡᠯ ᠳ᠋ᠤ ᠡᠳᠡᠭᠡᠷ ᠣᠷᠤᠨ ᠳᠤ ᠤᠯᠠᠮᠵᠢᠯᠠᠭᠳᠠᠭᠰᠠᠨ ᠠᠷᠠᠳ ᠤᠨ ᠲᠠᠭᠤᠤ ᠳ᠌ᠤ ᠢᠯᠡᠷᠡᠭᠰᠡᠨ ᠲᠠᠮᠠᠬᠢᠨ ᠤᠭᠤᠲᠠ ᠶᠢᠨ ᠪᠡᠯᠭᠡᠳᠡᠯ ᠤᠨ ᠡᠬᠢ ᠰᠤᠷᠪᠤᠯᠵᠢ ᠪᠠ ᠦᠢᠯᠡᠳᠦᠯ ᠢ ᠬᠠᠢᠨ ᠰᠦᠪᠡᠭᠴᠢᠯᠠᠵᠡᠢ᠃ ᠭᠡᠬᠦ ᠳ᠋ᠡᠭᠡᠨ ᠲᠠᠮᠠᠬᠢᠨ ᠤᠭᠤᠲᠠ ᠵᠢ ᠬᠡᠦᠬᠡᠨ ᠬᠦᠮᠦᠨ ᠤ ᠤᠢ ᠤᠬᠠᠭᠠᠨ᠂ ᠤᠷ ᠠ ᠲᠠᠮ ᠪᠡ ᠢᠨᠠᠭ ᠬᠠᠢᠷ ᠠ ᠶᠢᠨ ᠪᠡᠯᠭᠡᠳᠡᠯ ᠪᠣᠯᠵᠤ ᠢᠯᠡᠷᠡᠳᠡᠭ ᠭᠡᠵᠦ ᠦᠵᠡᠭᠰᠡᠨ ᠪᠦᠭᠡᠳ ᠲᠡᠭᠦᠨ ᠤ ᠡᠬᠢ ᠰᠣᠷᠪᠤᠯᠵᠢ ᠵᠢ ᠮᠣᠩᠭᠤᠯ ᠬᠦᠮᠦᠨ ᠤ ᠰᠣᠶᠣᠯ ᠰᠡᠳᠭᠢᠴᠡ ᠲᠠᠢ ᠬᠤᠯᠪᠤᠭ᠎ᠠ ᠲᠠᠢ ᠭᠡᠵᠦ ᠰᠢᠨᠵᠢᠯᠡᠵᠡᠢ᠃ ᠡᠨᠡ ᠰᠠᠭᠤᠷᠢᠨ ᠲᠡᠭᠡᠷ ᠡ ᠪᠠᠨ ᠠᠷᠠᠳ ᠤᠨ ᠲᠠᠭᠤᠤ ᠳ᠋ᠤ ᠢᠯᠡᠷᠡᠭᠰᠡᠨ ᠲᠠᠮᠠᠬᠢᠨ ᠤᠭᠤᠳᠠ ᠶᠢᠨ ᠪᠡᠯᠭᠡᠳᠡᠯ ᠢ ᠹᠸᠤᠳᠠᠯ ᠤᠨ ᠤᠷᠤᠭ ᠶᠣᠰᠤ ᠵᠢ ᠢᠯᠡᠴᠢᠯᠠᠬᠦ ᠵᠠᠭᠤᠴᠢ᠂ ᠤᠯᠠᠮᠵᠢᠯᠠᠯᠲᠤ ᠰᠣᠶᠣᠯ ᠢ ᠢᠯᠡᠷᠡᠬᠦᠯᠬᠦ ᠲᠠᠪᠴᠠᠩ᠂ ᠢᠯᠡᠳᠭᠡᠬᠦ ᠠᠷᠭ᠎ᠠ ᠵᠢ ᠪᠠᠶᠠᠯᠢᠭᠵᠢᠭᠤᠯᠬᠤ ᠰᠡᠳᠦᠪ ᠪᠣᠯᠤᠨ᠎ ᠠ ᠭᠡᠵᠦ ᠨᠤᠲᠠᠯᠠᠵᠠᠢ᠃
Original Literature View Original Paper
出自 内蒙古师范大学学报 2012年 第2期

联系我们


内蒙古大学图书馆
呼和浩特市大学西路235号
中国·内蒙古
P: (0471) 4992561
E: huangfeilong@imu.edu.cn