Paper Information


Title ᠤᠯᠰᠮᠵᠢᠯᠰᠯ ᠢᠢᠡᠨ ᠵᠠᠯᠭᠠᠮᠵᠢᠯᠠᠵᠤ ᠤᠷᠤᠭᠰᠢᠯᠠᠭᠰᠠᠨ ᠡᠴᠡ ᠰᠤᠷᠤᠯᠴᠠᠭᠰᠠᠨ ᠤᠶᠠᠩᠭ᠎ ᠠ ᠨᠠᠢᠷᠠᠭ ᠤᠨ ᠣᠨᠴᠠᠯᠢᠭ ᠢ ᠦᠭᠦᠯᠡᠬᠦ ᠨᠢ—ᠪᠠᠢᠪᠠᠶᠠᠭᠤᠳ•ᠬᠦᠬᠡᠮᠦ᠋ᠴᠢᠷ ᠤᠨ ᠰᠢᠯᠦᠭ ᠤᠨ ᠲᠣᠬᠠᠢ ᠤᠶᠠᠩᠭ᠎ᠠ ᠰᠢᠬᠦᠮᠵᠢ
Creator ᠬᠠᠷᠠᠬᠦᠦ
Keyword
Abstract ᠪᠠᠶᠠᠭᠤᠳ•ᠬᠦᠬᠡᠮᠦ᠋ᠴᠢᠷ ᠤᠨ 《ᠣᠳᠣ》ᠭᠡᠳᠡᠭ ᠲᠡᠭᠦᠪᠦᠷᠢ ᠳ᠋ᠤ ᠣᠷᠤᠭᠰᠠᠨ ᠰᠢᠯᠦᠭ ᠤᠳ ᠪᠣᠯ ᠰᠢᠯᠦᠭᠴᠢ ᠶᠢᠨ ᠣᠶᠤᠨ ᠳ᠋ᠤᠨᠢ ᠮᠠᠨᠠᠭᠳᠠᠵᠤ ᠲᠠᠯᠪᠢᠭᠳᠠᠭᠰᠠᠨ ᠣᠴᠢ᠂ ᠠᠭᠤᠰᠬᠢᠨ ᠳ᠋ᠤᠨᠢ ᠲᠦᠷᠡᠯᠵᠡᠵᠦ ᠨᠤᠴᠤᠭᠰᠠᠨ ᠭᠠᠯ᠂ ᠰᠡᠳᠬᠢᠯᠭᠡ ᠳ᠋ᠤᠨᠢ ᠠᠭᠤᠰᠴᠤ ᠰᠢᠩᠭᠡᠭᠰᠡᠨ ᠬᠦᠰᠡᠯ᠂ ᠰᠠᠨᠠᠭ᠎ᠠ ᠳᠤᠨᠢ ᠬᠤᠨᠤᠭᠰᠢᠵᠤ ᠤᠳᠠᠭᠰᠠᠨ ᠦᠵᠡᠯ ᠪᠣᠯᠳᠠᠭ ᠰᠠᠨ᠃ ᠤᠭᠲᠠᠷᠭᠤᠢ ᠶᠢᠨ ᠣᠳᠤᠨ ᠮᠡᠴᠢᠳ ᠤᠨ ᠲᠣᠳᠤᠷ ᠠ ᠡᠴᠡ ᠣᠨᠴᠠ ᠭᠡᠷᠡᠯᠲᠡᠢ ᠨᠢ ᠴᠣᠯᠮᠤᠨ ᠪᠠᠢᠵᠤ᠂ ᠤᠯᠠᠨ ᠵᠠᠯᠠᠭᠤ ᠰᠢᠯᠦᠭᠴᠢᠳ ᠤᠨ ᠲᠣᠳᠤᠷ ᠠ ᠡᠴᠡ ᠣᠨᠴᠤᠭᠤᠢ ᠪᠦᠲᠦᠭᠡᠯᠲᠡᠢ ᠨᠢ ᠬᠦᠬᠡᠮᠦ᠋ᠴᠢᠷ ᠪᠣᠯᠬᠤ ᠶᠣᠮ᠃ ᠲᠡᠷᠡ ᠮᠠᠨᠢ ᠤᠯᠤᠰ ᠤᠨ ᠲᠤᠳᠤᠭᠠᠳᠤ ᠭᠠᠳᠠᠭᠠᠳᠤ ᠶᠢᠨ ᠰᠢᠯᠦᠭ ᠵᠣᠬᠢᠶᠠᠯ ᠤᠨ ᠵᠣᠬᠢᠶᠠᠨ ᠪᠦᠲᠦᠭᠡᠬᠦ ᠤᠷᠤᠭᠰᠢᠯᠠᠭᠰᠠᠨ ᠠᠷᠭ᠎ᠠ ᠪᠠᠷᠢᠯ ᠡᠴᠡ ᠬᠢᠴᠢᠶᠡᠨ ᠰᠤᠷᠤᠯᠴᠠᠵᠤ᠂ ᠦᠪᠡᠷᠦᠨ ᠦᠨᠳᠦᠰᠦᠲᠡᠨ ᠤ ᠪᠠᠨ ᠤᠯᠠᠮᠵᠢᠯᠠᠯᠲᠤ ᠠᠷᠭ᠎ᠠ ᠪᠠᠷᠢᠯ ᠢᠢᠡᠨ ᠵᠠᠯᠭᠠᠮᠵᠢᠯᠠᠵᠤ ᠬᠦᠭᠵᠢᠬᠦᠯᠬᠦ ᠪᠡᠷ ᠴᠢᠷᠮᠠᠢᠭᠠᠳ᠂ ᠮᠣᠩᠭᠤᠯ ᠰᠢᠯᠦᠭ ᠤᠨ ᠦᠨᠳᠦᠰᠦᠲᠡᠨ ᠤ ᠠᠭᠤᠯᠭ᠎ᠠ ᠪᠣᠯᠤᠨ ᠤᠷᠠᠯᠢᠭ ᠤᠨ ᠬᠡᠯᠪᠡᠷᠢ ᠳ᠋ᠤ ᠰᠢᠨ ᠡ ᠠᠮᠢ ᠤᠠᠰᠤ ᠤᠯᠭᠤᠬᠤ ᠪᠡᠷ ᠮᠡᠷᠡᠢᠵᠦ᠂ ᠢᠯᠡ ᠲᠡᠳᠤᠷᠬᠠᠢ ᠪᠣᠳᠤᠯ ᠳ᠋ᠤ ᠪᠡᠯᠭᠡᠳᠡᠯ ᠰᠠᠨᠠᠭ᠎ᠠ ᠣᠷᠤᠭᠤᠯᠤᠨ᠂ ᠰᠠᠷᠠᠭᠤᠯ ᠲᠤᠩᠭᠠᠯᠠᠭ ᠦᠵᠡᠯ ᠳ᠋ᠤ ᠪᠦᠳᠡᠬᠢ ᠭᠡᠷᠡᠯ ᠲᠤᠰᠬᠠᠭᠠᠳ᠂ ᠤᠯᠠᠮᠵᠢᠯᠠᠯᠲᠤ ᠰᠢᠯᠦᠭ ᠤᠨ ᠰᠢᠭᠤᠳ ᠪᠣᠷᠤᠭᠵᠢᠭᠤᠨ ᠤᠶᠠᠩᠭᠠᠯᠠᠯ ᠲᠦᠷᠰᠦᠯᠡᠯ ᠢ ᠣᠳᠣᠬᠢᠴᠢ ᠦᠵᠡᠯ ᠤᠨ ᠪᠦᠳᠡᠬᠢ ᠠᠷᠭ᠎ᠠ ᠪᠠᠷᠢᠯ ᠳ᠋ᠤ ᠠᠭᠤᠰᠬᠠᠵᠤ᠂ ᠬᠦᠮᠦᠨ ᠶᠠᠭᠤᠮ ᠠ᠂ ᠬᠡᠷᠡᠭ ᠪᠣᠳᠠᠰ᠂ ᠦᠩᠬᠡ ᠦᠵᠡᠮᠵᠢ ᠵᠢ ᠤᠳᠬ ᠠ ᠪᠢᠲᠡᠬᠦᠦ᠂ ᠰᠠᠨᠠᠭ᠎ᠠ ᠲᠠᠯᠲᠠ ᠢᠯᠡᠳᠭᠡᠭᠰᠡᠨ ᠪᠣᠯᠪᠠᠴᠤ ᠨᠠᠷᠢᠨ ᠪᠣᠳᠤᠵᠤ᠂ ᠨᠠᠷᠢᠪᠴᠢᠯᠠᠨ ᠤᠬᠠᠭᠠᠪᠠᠰᠤ ᠮᠡᠳᠡᠵᠦ ᠪᠣᠯᠬᠤ ᠬᠡᠮᠵᠢᠶᠡᠨ ᠳ᠋ᠤ ᠬᠦᠷᠲᠡᠯ ᠡ ᠤᠶᠠᠩᠭᠠᠯᠠᠪᠠ᠃ ᠣᠷᠤᠭᠰᠢᠯᠠᠭᠰᠠᠨ ᠡᠴᠡ ᠰᠤᠷᠤᠨ᠎ᠠ ᠭᠡᠳ ᠤᠯᠠᠮᠵᠢᠯᠠᠯ ᠢᠢᠡᠨ ᠬᠠᠶᠠᠬᠤ ᠪᠣᠯ ᠰᠢᠪᠰᠢᠭ ᠪᠢᠯᠡ᠂ ᠦᠷᠦᠨᠡᠳᠡᠬᠢᠨ ᠡᠴᠡ ᠰᠤᠷᠤᠨ᠎ᠠ ᠭᠡᠳ ᠦᠨᠳᠦᠰᠦᠲᠡᠨ ᠢᠢᠡᠨ ᠮᠠᠷᠲᠠᠬᠤ ᠪᠣᠯ ᠭᠤᠳᠤᠮᠰᠢᠭ ᠶᠣᠮ᠃ ᠦᠯᠦᠭᠡᠢ ᠨᠤᠲᠤᠭ ᠢᠢᠡᠨ ᠰᠢᠯᠦᠭᠯᠡᠭᠰᠡᠨ ᠬᠦᠮᠦᠨ ᠪᠣᠯ ᠡᠭᠡ ᠣᠷᠤᠨᠴᠢ ᠰᠢᠯᠦᠭᠴᠢ ᠪᠣᠯᠳᠠᠭ᠂ ᠦᠨᠳᠦᠰᠦᠲᠡᠨ ᠤᠭᠰᠠᠭ᠎ᠠ ᠪᠠᠨ ᠲᠦᠷᠰᠦᠯᠡᠭᠰᠡᠨ ᠬᠦᠮᠦᠨ ᠪᠣᠯ ᠦᠷᠮᠦᠭ ᠶᠡᠬᠡ ᠵᠣᠬᠢᠶᠠᠯᠴᠢ ᠪᠣᠯᠳᠠᠭ᠂ ᠤᠳᠤᠮ ᠤᠯᠠᠮᠵᠢᠯᠠᠯ ᠢᠢᠡᠨ ᠵᠠᠯᠭᠠᠮᠵᠢᠠᠯᠭᠰᠠᠨ ᠬᠦᠮᠦᠨ ᠤᠷᠤᠭᠰᠢᠯᠠᠭᠰᠠᠨ ᠡᠴᠡ ᠰᠤᠷᠴᠤ ᠴᠢᠳᠠᠳᠠᠭ ᠶᠣᠮ᠃ ᠡᠢᠮᠦ ᠡᠴᠡ ᠬᠦᠬᠡᠮᠦ᠋ᠴᠢᠷ ᠪᠣᠯ ᠨᠢᠭᠡ ᠤᠳᠤᠮᠰᠢᠯ ᠢᠢᠡᠨ ᠵᠠᠯᠭᠠᠮᠵᠢᠯᠠᠵᠤ᠂ ᠤᠷᠤᠭᠰᠢᠯᠠᠭᠰᠠᠨ ᠡᠴᠡ ᠰᠤᠷᠤᠯᠴᠠᠨ᠂ ᠤᠯᠠᠮᠵᠢᠯᠠᠯ ᠢᠢᠡᠨ ᠭᠦᠭᠵᠢᠬᠦᠯᠦᠭᠡᠳ᠂ ᠤᠷᠠᠯᠢᠭ ᠢᠢᠡᠨ ᠰᠢᠨᠡᠳᠭᠡᠵᠦ ᠴᠢᠳᠠᠭᠰᠠᠨ ᠵᠠᠯᠠᠭᠤ ᠰᠢᠯᠦᠭᠴᠢ ᠪᠣᠢᠳᠠᠭ ᠰᠠᠨ᠃ ᠲᠡᠬᠦᠨ ᠤ ᠰᠢᠯᠦᠭ ᠡᠴᠡ ᠠᠳᠤᠭᠤᠨ ᠰᠦᠷᠦᠭ ᠬᠠᠷᠠᠭᠳᠠᠵᠤ᠂ ᠦᠭᠡᠷ ᠤᠨ ᠴᠣᠪᠤᠭ᠎ᠠ ᠦᠵᠡᠭᠳᠡᠨ᠂ ᠲᠡᠮᠭᠡᠨ ᠪᠦᠬᠦ ᠰᠣᠶᠤᠯᠵᠠᠨ᠂ ᠬᠣᠨᠢᠨ ᠰᠡᠭᠦᠯ ᠪᠦᠮᠪᠦᠷᠡᠨ᠂ ᠢᠮᠠᠭᠠᠨ ᠡᠪᠡᠷ ᠢᠷᠡᠯᠵᠡᠵᠦ᠂ ᠠᠢᠷᠠᠭ ᠤᠨ ᠦᠨᠦᠷ ᠰᠠᠩᠬᠢᠯᠤᠨ᠂ ᠲᠣᠰᠤ ᠶᠢᠨ ᠠᠮᠲᠠ ᠠᠮᠲᠠᠯᠠᠭᠳᠠᠵᠤ᠂ ᠠᠷᠭᠠᠯ ᠤᠨ ᠤᠳᠤᠭ᠎ᠠ ᠰᠤᠭᠤᠨᠠᠭᠯᠠᠨ᠂ ᠰᠦ᠋  ᠶᠢᠨ ᠲᠠᠯᠠᠢ ᠲᠣᠯᠬᠢᠶᠠᠯᠠᠵᠤ ᠪᠠᠢᠬᠤ ᠪᠣᠯᠬᠤᠷ ᠬᠦᠬᠡᠮᠦ᠋ᠴᠢᠷ ᠤᠨ ᠰᠢᠯᠦᠭ ᠢ ᠮᠠᠯ ᠰᠦᠷᠦᠭ ᠡᠴᠡ ᠡᠭᠦᠰᠦᠭᠰᠡᠨ ᠲᠠᠭᠤᠤ᠂ ᠲᠠᠷᠠᠭ ᠠᠢᠷᠠᠭ ᠡᠴᠡ ᠴᠣᠣᠷᠢᠶᠠᠳᠤᠭᠰᠠᠨ ᠲᠠᠭᠤᠯᠠᠯ᠂ ᠰᠦ᠋ ᠴᠠᠭ᠎ᠠ ᠡᠴᠡ ᠤᠷᠬᠢᠯᠤᠭᠰᠠᠨ ᠨᠠᠢᠷᠠᠭ᠂ ᠠᠭᠤᠯᠠ ᠲᠠᠯ ᠠ ᠡᠴᠡ ᠨᠢᠰᠦᠭᠰᠡᠨ ᠮᠠᠭᠲᠭᠤ᠂ ᠤᠢ ᠰᠢᠭᠤᠢ ᠡᠴᠡ ᠲᠡᠭᠦᠯᠦᠭᠰᠡᠨ ᠣᠩᠰᠢᠭᠤ᠂ ᠤᠰᠤ ᠴᠡᠯᠴᠢᠭᠡᠷ ᠡᠴᠡ ᠤᠨᠳᠤᠷᠤᠭᠰᠠᠨ ᠤᠶᠠᠩᠭ᠎ᠠ ᠭᠡᠵᠦ ᠦᠨᠡᠯᠡᠵᠦ ᠪᠣᠯᠬᠤ ᠰᠠᠨ᠃
Original Literature No Original Paper
出自 内蒙古师范大学学报 1998年 第3期

联系我们


内蒙古大学图书馆
呼和浩特市大学西路235号
中国·内蒙古
P: (0471) 4992561
E: huangfeilong@imu.edu.cn