Paper Information


Title ᠮᠣᠩᠭᠤᠯ ᠪᠠᠭᠠᠲᠤᠷ ᠤᠨ ᠲᠤᠤᠯᠢ ᠳ᠋ᠡᠬᠢ ᠲᠤᠭᠤᠷ ᠠ ᠰᠠᠭᠤᠬᠤ ᠮᠣᠲ᠋ᠢᠹ ᠤᠨ ᠰᠣᠶᠣᠯ ᠤᠨ ᠲᠤᠭᠲᠠᠯᠴᠠᠭ᠎ᠠ
Creator ᠭᠤᠸᠠᠨ ᠵᠢᠨ ᠬᠤᠸᠠ
Keyword ᠮᠣᠩᠭᠤᠯ ᠪᠠᠭᠠᠲᠤᠷ ᠤᠨ ᠲᠤᠤᠯᠢ; ᠲᠤᠭᠤᠷ ᠠ ᠰᠠᠭᠤᠬᠤ ᠮᠣᠲ᠋ᠢᠹ ᠰᠣᠶᠣᠯ ᠤᠨ ᠲᠤᠭᠲᠠᠯᠴᠠᠭ᠎ᠠ
Abstract ᠲᠤᠰ ᠦᠭᠦᠯᠡᠯ ᠳ᠋ᠤ ᠮᠣᠨᠭᠤᠯ ᠪᠠᠭᠠᠲᠤᠷ ᠤᠨ ᠲᠤᠤᠯᠢ ᠳᠡᠬᠢ ᠲᠤᠭᠤᠷ ᠠ ᠰᠠᠭᠤᠬᠤ ᠮᠣᠲ᠋ᠢᠹ ᠢ ᠪᠦᠲᠦᠴᠡ ᠰᠣᠳᠣᠯᠣᠯ ᠤᠨ ᠬᠤᠪᠢ ᠳ᠋ᠤ᠂ ᠨᠢᠭᠡ ᠲᠦᠪ᠂ ᠠᠷᠪᠠᠨ ᠲᠠᠯ ᠠ ᠪᠡᠷ ᠪᠦᠷᠢᠯᠳᠦᠭᠰᠡᠨ ᠬᠠᠪᠳᠠᠭᠠᠢ ᠣᠷᠤᠨ ᠵᠠᠢ ᠳ᠋ᠡᠬᠢ ᠲᠤᠭᠤᠷ ᠠ ᠪᠦᠲᠦᠴᠡ ᠵᠢ ᠪᠦᠲᠦᠭᠡᠭᠰᠡᠨ ᠪᠦᠭᠡᠳ ᠲᠡᠭᠡᠳᠦ ᠲᠡᠭᠷᠢ ᠶᠢᠨ ᠣᠷᠤᠨ᠂ ᠲᠤᠮᠳᠠ ᠨᠡᠷᠡᠲᠦ ᠶᠢᠨ ᠣᠷᠤᠨ᠂ ᠲᠤᠤᠷᠠᠯᠳᠤ ᠲᠠᠮᠤ ᠶᠢᠨ ᠣᠷᠤᠨ ᠪᠣᠶᠤ ᠯᠤᠤᠰ ᠤᠨ ᠣᠷᠤᠨ ᠭᠡᠬᠦ ᠪᠣᠰᠤᠭᠠᠯᠵᠢᠨ ᠴᠣᠭᠴᠠᠲᠤ ᠣᠷᠤᠨ ᠵᠠᠢ ᠳ᠋ᠡᠬᠢ ᠨᠢᠭᠡ ᠲᠦᠪ ᠪᠣᠯᠤᠨ᠎ᠠ᠃ ᠠᠷᠪᠠᠨ ᠲᠠᠯ ᠠ᠂ ᠲᠡᠭᠡᠷ ᠡ᠂ ᠲᠤᠤᠷ ᠠ ᠠᠷᠪᠠᠨ ᠭᠤᠷᠪᠠᠨ ᠡᠯᠧᠯᠸᠨ᠋ᠲ ᠪᠦᠬᠦᠢ ᠪᠦᠮᠪᠦᠭᠡᠨ ᠬᠡᠯᠪᠡᠷᠢ ᠶᠢᠨ ᠲᠤᠭᠲᠠᠯᠴᠠᠭ᠎ᠠ ᠵᠢ ᠪᠦᠲᠦᠭᠡᠵᠡᠢ ᠭᠡᠵᠦ ᠦᠵᠡᠭᠰᠡᠨ ᠪᠠᠢᠨ᠎ᠠ᠃ ᠲᠡᠷᠡ ᠨᠢ ᠬᠠᠷᠢᠯᠴᠠᠨ ᠬᠠᠷᠢᠴᠠᠭ᠎ᠠ ᠬᠤᠯᠪᠤᠭ᠎ᠠ ᠲᠠᠢ᠂ ᠬᠡᠯᠬᠢᠶ ᠡ ᠪᠠᠷᠢᠯᠳᠤᠯᠭ᠎ᠠ ᠲᠠᠢ ᠲᠤᠮᠤ ᠴᠠᠭᠠᠷᠢᠭ ᠤᠳ ᠤᠨ ᠨᠡᠢᠯᠡᠪᠦᠷᠢ ᠪᠡᠷ ᠣᠷᠤᠰᠢᠵᠤ ᠪᠠᠢᠳᠠᠭ ᠪᠣᠯᠬᠤᠷ ᠬᠡᠷᠪᠡ ᠨᠢᠭᠡᠨ ᠭᠤᠭᠴᠤᠭ᠎ᠠ ᠭᠠᠷᠠᠬ᠎ᠠ ᠨᠢ ᠲᠤᠲᠠᠬᠤ ᠳ᠋ᠤ ᠬᠦᠷᠪᠡᠯ᠂ ᠬᠦᠮᠦᠨ ᠲᠦᠷᠦᠯᠬᠢᠲᠡᠨ ᠤ ᠪᠦᠬᠦ ᠲᠤᠭᠲᠠᠯᠴᠠᠭ᠎ᠠ ᠡᠪᠳᠡᠭᠳᠡᠬᠦ ᠳ᠋ᠤ ᠬᠦᠷᠦᠨ᠎ᠠ᠃ᠡᠢᠮᠦ ᠡᠴᠡ᠂ ᠪᠠᠭᠠᠲᠤᠷ ᠤᠨ ᠲᠤᠤᠯᠢ ᠳ᠋ᠡᠬᠢ ᠲᠤᠭᠤᠷ ᠠ ᠰᠠᠭᠤᠬᠤ ᠮᠣᠲ᠋ᠢᠹ ᠤᠨ ᠲᠡᠦᠬᠡᠨ ᠲᠤᠭᠲᠠᠯᠴᠠᠭ᠎ᠠ ᠨᠢ ᠲᠤᠤᠯᠢ ᠳ᠋ᠡᠬᠢ ᠬᠦᠮᠦᠨᠨᠡᠢᠭᠡᠮ ᠤᠨ ᠲᠡᠭᠦᠨ ᠲᠦᠭᠦᠷᠡᠩ᠂ᠪᠦᠬᠦᠯᠢ ᠪᠦᠲᠦᠨ᠂ ᠮᠦᠩᠬᠡ ᠵᠢᠷᠭᠠᠯᠲᠠᠢ ᠪᠠᠢᠬᠤ ᠶᠢᠨ ᠤᠶᠤᠨ ᠤ ᠲᠡᠵᠢᠭᠡᠯ ᠪᠣᠯᠵᠤ᠂ ᠦᠭᠡᠢᠷᠡᠰᠢ ᠦᠭᠡᠢ ᠪᠠᠶᠠᠨ᠂ᠦᠭᠦᠯ ᠦᠭᠡᠢ ᠮᠦᠩᠬᠡ᠂ᠦᠷᠭᠦᠭᠡᠨ ᠦᠭᠡᠢ ᠲᠤᠭᠲᠠᠭᠤᠨ᠂ᠦᠨᠦᠴᠢ ᠦᠭᠡᠢ ᠦᠨᠦᠷ ᠪᠠᠢᠳᠠᠭ ᠬᠦᠰᠡᠯᠡᠩ ᠤᠨ ᠶᠢᠷᠲᠢᠨᠴᠦ ᠵᠢ ᠴᠣᠭᠴᠠᠯᠠᠨ ᠪᠠᠢᠭᠤᠯᠭᠰᠠᠨ ᠭᠡᠵᠦ ᠦᠪᠡᠷ ᠤᠨ ᠦᠵᠡᠯᠲᠡ ᠪᠠᠨ ᠲᠤᠷᠠᠳᠪᠠ᠃
Original Literature View Original Paper
出自 内蒙古师范大学学报 2013年 第4期

联系我们


内蒙古大学图书馆
呼和浩特市大学西路235号
中国·内蒙古
P: (0471) 4992561
E: huangfeilong@imu.edu.cn