Title |
ᠮᠣᠩᠭᠤᠯ ᠪᠠᠭᠠᠲᠤᠷ ᠤᠨ ᠲᠤᠤᠯᠢ ᠳ᠋ᠡᠬᠢ ᠲᠤᠭᠤᠷ ᠠ ᠰᠠᠭᠤᠬᠤ ᠮᠣᠲ᠋ᠢᠹ ᠤᠨ ᠰᠣᠶᠣᠯ ᠤᠨ ᠲᠤᠭᠲᠠᠯᠴᠠᠭ᠎ᠠ |
Creator |
ᠭᠤᠸᠠᠨ ᠵᠢᠨ ᠬᠤᠸᠠ |
Keyword |
ᠮᠣᠩᠭᠤᠯ ᠪᠠᠭᠠᠲᠤᠷ ᠤᠨ ᠲᠤᠤᠯᠢ; ᠲᠤᠭᠤᠷ ᠠ ᠰᠠᠭᠤᠬᠤ ᠮᠣᠲ᠋ᠢᠹ ᠰᠣᠶᠣᠯ ᠤᠨ ᠲᠤᠭᠲᠠᠯᠴᠠᠭ᠎ᠠ |
Abstract |
ᠲᠤᠰ ᠦᠭᠦᠯᠡᠯ ᠳ᠋ᠤ ᠮᠣᠨᠭᠤᠯ ᠪᠠᠭᠠᠲᠤᠷ ᠤᠨ ᠲᠤᠤᠯᠢ ᠳᠡᠬᠢ ᠲᠤᠭᠤᠷ ᠠ ᠰᠠᠭᠤᠬᠤ ᠮᠣᠲ᠋ᠢᠹ ᠢ ᠪᠦᠲᠦᠴᠡ ᠰᠣᠳᠣᠯᠣᠯ ᠤᠨ ᠬᠤᠪᠢ ᠳ᠋ᠤ᠂ ᠨᠢᠭᠡ ᠲᠦᠪ᠂ ᠠᠷᠪᠠᠨ ᠲᠠᠯ ᠠ ᠪᠡᠷ ᠪᠦᠷᠢᠯᠳᠦᠭᠰᠡᠨ ᠬᠠᠪᠳᠠᠭᠠᠢ ᠣᠷᠤᠨ ᠵᠠᠢ ᠳ᠋ᠡᠬᠢ ᠲᠤᠭᠤᠷ ᠠ ᠪᠦᠲᠦᠴᠡ ᠵᠢ ᠪᠦᠲᠦᠭᠡᠭᠰᠡᠨ ᠪᠦᠭᠡᠳ ᠲᠡᠭᠡᠳᠦ ᠲᠡᠭᠷᠢ ᠶᠢᠨ ᠣᠷᠤᠨ᠂ ᠲᠤᠮᠳᠠ ᠨᠡᠷᠡᠲᠦ ᠶᠢᠨ ᠣᠷᠤᠨ᠂ ᠲᠤᠤᠷᠠᠯᠳᠤ ᠲᠠᠮᠤ ᠶᠢᠨ ᠣᠷᠤᠨ ᠪᠣᠶᠤ ᠯᠤᠤᠰ ᠤᠨ ᠣᠷᠤᠨ ᠭᠡᠬᠦ ᠪᠣᠰᠤᠭᠠᠯᠵᠢᠨ ᠴᠣᠭᠴᠠᠲᠤ ᠣᠷᠤᠨ ᠵᠠᠢ ᠳ᠋ᠡᠬᠢ ᠨᠢᠭᠡ ᠲᠦᠪ ᠪᠣᠯᠤᠨ᠎ᠠ᠃ ᠠᠷᠪᠠᠨ ᠲᠠᠯ ᠠ᠂ ᠲᠡᠭᠡᠷ ᠡ᠂ ᠲᠤᠤᠷ ᠠ ᠠᠷᠪᠠᠨ ᠭᠤᠷᠪᠠᠨ ᠡᠯᠧᠯᠸᠨ᠋ᠲ ᠪᠦᠬᠦᠢ ᠪᠦᠮᠪᠦᠭᠡᠨ ᠬᠡᠯᠪᠡᠷᠢ ᠶᠢᠨ ᠲᠤᠭᠲᠠᠯᠴᠠᠭ᠎ᠠ ᠵᠢ ᠪᠦᠲᠦᠭᠡᠵᠡᠢ ᠭᠡᠵᠦ ᠦᠵᠡᠭᠰᠡᠨ ᠪᠠᠢᠨ᠎ᠠ᠃ ᠲᠡᠷᠡ ᠨᠢ ᠬᠠᠷᠢᠯᠴᠠᠨ ᠬᠠᠷᠢᠴᠠᠭ᠎ᠠ ᠬᠤᠯᠪᠤᠭ᠎ᠠ ᠲᠠᠢ᠂ ᠬᠡᠯᠬᠢᠶ ᠡ ᠪᠠᠷᠢᠯᠳᠤᠯᠭ᠎ᠠ ᠲᠠᠢ ᠲᠤᠮᠤ ᠴᠠᠭᠠᠷᠢᠭ ᠤᠳ ᠤᠨ ᠨᠡᠢᠯᠡᠪᠦᠷᠢ ᠪᠡᠷ ᠣᠷᠤᠰᠢᠵᠤ ᠪᠠᠢᠳᠠᠭ ᠪᠣᠯᠬᠤᠷ ᠬᠡᠷᠪᠡ ᠨᠢᠭᠡᠨ ᠭᠤᠭᠴᠤᠭ᠎ᠠ ᠭᠠᠷᠠᠬ᠎ᠠ ᠨᠢ ᠲᠤᠲᠠᠬᠤ ᠳ᠋ᠤ ᠬᠦᠷᠪᠡᠯ᠂ ᠬᠦᠮᠦᠨ ᠲᠦᠷᠦᠯᠬᠢᠲᠡᠨ ᠤ ᠪᠦᠬᠦ ᠲᠤᠭᠲᠠᠯᠴᠠᠭ᠎ᠠ ᠡᠪᠳᠡᠭᠳᠡᠬᠦ ᠳ᠋ᠤ ᠬᠦᠷᠦᠨ᠎ᠠ᠃ᠡᠢᠮᠦ ᠡᠴᠡ᠂ ᠪᠠᠭᠠᠲᠤᠷ ᠤᠨ ᠲᠤᠤᠯᠢ ᠳ᠋ᠡᠬᠢ ᠲᠤᠭᠤᠷ ᠠ ᠰᠠᠭᠤᠬᠤ ᠮᠣᠲ᠋ᠢᠹ ᠤᠨ ᠲᠡᠦᠬᠡᠨ ᠲᠤᠭᠲᠠᠯᠴᠠᠭ᠎ᠠ ᠨᠢ ᠲᠤᠤᠯᠢ ᠳ᠋ᠡᠬᠢ ᠬᠦᠮᠦᠨᠨᠡᠢᠭᠡᠮ ᠤᠨ ᠲᠡᠭᠦᠨ ᠲᠦᠭᠦᠷᠡᠩ᠂ᠪᠦᠬᠦᠯᠢ ᠪᠦᠲᠦᠨ᠂ ᠮᠦᠩᠬᠡ ᠵᠢᠷᠭᠠᠯᠲᠠᠢ ᠪᠠᠢᠬᠤ ᠶᠢᠨ ᠤᠶᠤᠨ ᠤ ᠲᠡᠵᠢᠭᠡᠯ ᠪᠣᠯᠵᠤ᠂ ᠦᠭᠡᠢᠷᠡᠰᠢ ᠦᠭᠡᠢ ᠪᠠᠶᠠᠨ᠂ᠦᠭᠦᠯ ᠦᠭᠡᠢ ᠮᠦᠩᠬᠡ᠂ᠦᠷᠭᠦᠭᠡᠨ ᠦᠭᠡᠢ ᠲᠤᠭᠲᠠᠭᠤᠨ᠂ᠦᠨᠦᠴᠢ ᠦᠭᠡᠢ ᠦᠨᠦᠷ ᠪᠠᠢᠳᠠᠭ ᠬᠦᠰᠡᠯᠡᠩ ᠤᠨ ᠶᠢᠷᠲᠢᠨᠴᠦ ᠵᠢ ᠴᠣᠭᠴᠠᠯᠠᠨ ᠪᠠᠢᠭᠤᠯᠭᠰᠠᠨ ᠭᠡᠵᠦ ᠦᠪᠡᠷ ᠤᠨ ᠦᠵᠡᠯᠲᠡ ᠪᠠᠨ ᠲᠤᠷᠠᠳᠪᠠ᠃ |
Original Literature |
View Original Paper
|
出自 |
内蒙古师范大学学报
2013年
第4期
|