| Abstract | 
                ᠰᠦ᠋ ᠪᠣᠯ ᠮᠣᠩᠭᠤᠯᠴᠤᠳ ᠤᠨ ᠠᠵᠤ ᠠᠬᠤᠢ᠂ ᠦᠢᠯᠡᠳᠪᠦᠷᠢᠯᠷᠯ ᠬᠦᠳᠡᠯᠮᠦᠷᠢ ᠶᠢᠨ ᠪᠣᠳᠠᠲᠤ ᠨᠦᠬᠦᠴᠡᠯ ᠪᠠᠢᠳᠠᠯ ᠡᠴᠡ ᠲᠦᠷᠦᠭᠳᠡᠭᠰᠡᠨ ᠪᠣᠳᠠᠰᠯᠢᠭ ᠵᠦᠢᠯ ᠪᠦᠭᠡᠳ ᠠᠮᠢᠳᠤᠷᠠᠯ ᠤᠨ ᠶᠠᠪᠤᠴᠠ᠂ ᠲᠡᠦᠬᠡᠨ ᠬᠦᠭᠵᠢᠯ ᠤᠨ ᠲᠠᠠᠭᠤ ᠲᠡᠳᠡᠨ ᠤ ᠦᠵᠡᠯ ᠤᠢᠯᠭᠠᠯᠲᠠ᠂ ᠤᠬᠠᠮᠰᠠᠷ ᠲᠠᠨᠢᠪᠤᠷᠢ ᠲᠠᠢ ᠤᠶᠠᠯᠳᠤᠨ ᠨᠢᠭᠡᠲᠦᠭᠡᠳ ᠦᠪᠡᠷᠮᠢᠴᠡ ᠣᠨᠴᠠᠯᠢᠭ ᠲᠠᠢ  ᠤᠶᠤᠨᠯᠢᠭ ᠰᠣᠶᠣᠯ ᠤᠨ ᠦᠵᠡᠭᠳᠡᠯ ᠪᠣᠯᠵᠤ᠂  ᠮᠣᠩᠭᠤᠯ ᠢᠳᠡᠭᠡᠨ ᠤᠮᠳᠠᠭᠠᠨ ᠤ ᠰᠣᠶᠣᠯ ᠳ᠋ᠤ ᠴᠢᠬᠤᠯ ᠪᠠᠢᠷᠢ ᠵᠢ ᠡᠵᠡᠯᠡᠭᠰᠡᠨ ᠶᠣᠮ᠃ ᠡᠢᠮᠦ ᠡᠴᠡ ᠰᠦᠨ ᠰᠣᠶᠣᠯ ᠢ  ᠰᠢᠨᠵᠢᠨ ᠰᠣᠳᠤᠯᠬᠤ ᠨᠢ  ᠦᠨᠳᠦᠰᠦᠲᠡᠨ ᠤ  ᠰᠡᠳᠬᠢᠬᠦᠢ ᠶᠢᠨ ᠣᠨᠴᠠᠯᠢᠭ ᠂ ᠭᠤᠤ ᠠ ᠰᠠᠢᠬᠠᠨ ᠤ  ᠦᠵᠡᠯᠲᠡ᠂ ᠰᠢᠳᠦᠯᠭᠡ ᠪᠢᠰᠢᠷᠡᠯ ᠤᠨ ᠤᠢᠯᠠᠭᠠᠯᠲᠠ ᠵᠡᠷᠭᠡ ᠵᠢ ᠬᠦᠨᠵᠡᠭᠡᠢᠷᠡᠬᠦᠯᠦᠨ ᠰᠣᠳᠤᠯᠬᠤ ᠳ᠋ᠤ ᠴᠢᠬᠤᠯᠠ ᠠᠴᠢ ᠬᠤᠯᠪᠤᠭᠳᠠᠯ ᠲᠠᠢ ᠪᠠᠢᠳᠠᠭ᠃ ᠲᠤᠰ ᠦᠭᠦᠯᠡᠯ ᠳ᠋ᠤ ᠮᠣᠩᠭᠤᠯᠴᠤᠳ ᠤᠨ ᠢᠳᠡᠭᠡᠨ ᠤᠮᠳᠠᠭᠠᠨ ᠳ᠋ᠡᠬᠢ ᠰ᠋ᠦ᠋᠃ ᠰᠦᠨ ᠤ ᠪᠡᠯᠭᠡᠳᠡᠯ ᠶᠣᠰᠤ᠂ ᠰᠦᠨ ᠪ ᠴᠡᠭᠡᠷ ᠶᠣᠰᠤ᠂ ᠰᠦᠨ ᠰᠤᠶᠣᠯ ᠤᠨ ᠤᠯᠠᠮᠵᠢᠯᠠᠯ ᠬᠦᠭᠵᠢᠯ ᠬᠡᠭᠦ ᠲᠦᠷᠪᠷᠡᠨ ᠲᠠᠯ ᠠ ᠡᠴᠡ ᠰᠢᠨᠵᠢᠨ ᠰᠣᠳᠤᠯᠵᠤ᠂ ᠰᠦᠨ ᠰᠣᠶᠣᠯ ᠤᠨ ᠪᠦᠷᠢᠯᠳᠦᠭᠰᠡᠨ ᠨᠡᠢᠭᠡᠮ ᠲᠡᠦᠬᠡ ᠶᠢᠨ ᠨᠢᠬᠦᠴᠡᠯ᠂ ᠤᠯᠠᠮᠵᠢᠠᠯᠯ ᠰᠢᠨᠢᠴᠢᠯᠡᠯ ᠤᠨ ᠪᠠᠢᠳᠠᠯ᠂ ᠭᠦᠭᠵᠢᠯ ᠬᠣᠪᠢᠷᠠᠯ ᠤᠨ ᠵᠢᠮ ᠡ ᠬᠠᠤᠯᠢ ᠵᠢ ᠲᠤᠳᠤᠷᠬᠠᠢᠯᠠᠬᠤ ᠵᠣᠷᠢᠯᠲᠠ ᠲᠠᠯᠪᠢᠭᠰᠠᠨ ᠪᠠᠢᠨᠠ᠃ |