Title |
ᠴᠢᠩ ᠤᠯᠤᠰ ᠤᠨ ᠦᠶ ᠡ ᠶᠢᠨ ᠮᠣᠩᠭᠤᠯ ᠤᠨ ᠵᠠᠰᠠᠭ ᠬᠤᠰᠢᠭᠤᠳ ᠤᠨ ᠡᠳ᠋ ᠤᠨ ᠵᠠᠰᠠᠭ ᠲᠡᠬᠢ ᠱᠠᠰᠢᠨ ᠤ ᠶᠠᠪᠤᠳᠠᠯ ᠤᠨ ᠵᠠᠷᠤᠯᠭ᠎ᠠ ᠵᠢ ᠦᠭᠦᠯᠡᠬᠦ ᠨᠢ |
Creator |
ᠬᠤᠷᠴᠠ |
Keyword |
ᠴᠢᠩ ᠤᠯᠤᠰ; ᠮᠣᠩᠭᠤᠯ ᠵᠠᠰᠠᠭᠲᠤ ᠬᠤᠰᠢᠭᠤ; ᠡᠳ᠋ ᠤᠨ ᠵᠠᠰᠠᠭ; ᠱᠠᠰᠢᠨ ᠤ ᠶᠠᠪᠤᠳᠠᠯ; ᠵᠠᠷᠤᠯᠭ᠎ᠠ |
Abstract |
ᠲᠤᠰ ᠦᠭᠦᠯᠡᠯ ᠨᠢ ᠬᠠᠮᠢᠶ ᠠ ᠪᠦᠬᠦᠢ ᠰᠤᠷᠪᠤᠯᠵᠢ ᠪᠢᠴᠢᠭ᠂ ᠲᠠᠩᠰᠠ ᠡᠪᠬᠡᠮᠡᠯ ᠬᠢᠭᠡᠳ ᠪᠠᠢᠴᠠᠭᠠᠯᠲᠠ ᠶᠢᠨ ᠮᠡᠳᠡᠭᠦᠯᠦᠯᠲᠡ ᠳ᠋ᠤ ᠲᠤᠯᠭᠠᠭᠤᠷᠢᠯᠠᠨ ᠴᠢᠩ ᠤᠯᠤᠰ ᠤᠨ ᠦᠶ ᠡ ᠶᠢᠨ ᠦᠪᠦᠷ ᠮᠣᠩᠭᠤᠯ ᠤᠨ ᠵᠠᠰᠠᠭ ᠬᠤᠰᠢᠭᠤᠳ ᠤᠨ ᠡᠳ᠋ ᠤᠨ ᠵᠠᠰᠠᠭ ᠲᠡᠬᠢ ᠱᠠᠰᠢᠨ ᠤ ᠶᠠᠪᠤᠳᠠᠯ ᠤᠨ ᠲᠤᠭᠲᠠᠮᠠᠯ ᠵᠠᠷᠤᠯᠭ᠎ᠠ ᠪᠣᠯᠬᠤ ᠲᠤᠯᠤᠭᠠᠨ ᠨᠠᠭᠤᠷ ᠤᠨ ᠬᠦᠬᠡ ᠰᠦᠮ ᠠ ᠪᠠ ᠰᠢᠷ ᠠ ᠰᠦᠮ ᠠ᠂ ᠪᠡᠭᠡᠵᠢᠩ ᠤᠨ ᠨᠠᠢᠷᠠᠯᠲᠤ ᠨᠠᠢᠷᠠᠮᠳᠠᠬᠤ ᠣᠷᠳᠤᠨ ᠳ᠋ᠤ ᠲᠣᠮᠢᠯᠠᠬᠤ ᠯᠠᠮᠠ ᠨᠠᠷ ᠤᠨ ᠬᠦᠨᠡᠰᠦ᠂ ᠬᠤᠪᠴᠠᠰᠤ᠂ ᠪᠠᠢᠰᠢᠩ ᠤᠨ ᠲᠤᠭᠲᠠᠮᠠᠯ ᠮᠦᠩᠬᠦ᠂ ᠬᠤᠰᠢᠭᠤ ᠨᠡᠢᠲᠡ ᠶᠢᠨ ᠴᠢᠨᠠᠷᠲᠠᠢ ᠨᠣᠮ ᠤᠨ ᠬᠤᠷᠠᠯ ᠢ ᠡᠭᠡᠯᠵᠢᠯᠡᠨ ᠶᠠᠪᠤᠭᠳᠠᠭᠤᠯᠬᠤ ᠳ᠋ᠤ ᠬᠡᠷᠡᠭᠰᠡᠬᠦ ᠡᠯᠳᠡᠪ ᠰᠦᠢᠳᠭᠡᠯ᠂ ᠴᠢᠭᠤᠯᠭᠠᠨ ᠰᠦᠮ ᠡ ᠵᠢᠴᠢ ᠲᠡᠨᠳᠡ ᠰᠠᠭᠤᠭ᠎ᠠ ᠯᠠᠠᠮ ᠨᠠᠷ ᠲᠤ ᠤᠯᠭᠤᠬᠤ ᠵᠠᠷᠤᠳᠠᠯ ᠰᠦᠢᠳᠭᠡᠯ᠂ ᠲᠦᠷ ᠴᠠᠭ ᠤᠨ ᠴᠢᠨᠠᠷᠲᠠᠢ ᠨᠣᠮ ᠤᠨ ᠬᠤᠷᠠᠯ ᠢ ᠡᠭᠡᠯᠵᠢᠯᠡᠨ ᠶᠠᠪᠤᠭᠳᠠᠭᠤᠯᠬᠤ ᠳ᠋ᠤ ᠭᠡᠷᠡᠭᠰᠡᠬᠦ ᠡᠯᠳᠡᠪ ᠰᠦᠢᠳᠭᠡᠯ᠂ ᠲᠦᠷ ᠴᠠᠭ ᠤᠨ ᠴᠢᠨᠠᠷᠲᠠᠢ ᠱᠠᠰᠢᠨ ᠤ ᠶᠠᠪᠤᠳᠠᠯ ᠤᠨ ᠡᠯᠳᠡᠪ ᠵᠠᠷᠤᠯᠭ᠎ᠠ ᠵᠡᠷᠭᠡ ᠵᠢ ᠲᠤᠭᠠᠴᠢᠨ ᠦᠭᠦᠯᠡᠬᠦ ᠶᠢᠨ ᠢᠯᠳᠠᠷ ᠠ᠂ ᠱᠠᠰᠢᠨ ᠤ ᠶᠠᠪᠤᠳᠠᠯ ᠤᠨ ᠡᠯᠳᠡᠪ ᠤᠨ ᠵᠠᠷᠤᠯᠭ᠎ᠠ ᠨᠢ ᠮᠣᠩᠭᠤᠯ ᠬᠤᠰᠢᠭᠤᠳ ᠤᠨ ᠡᠳ᠋ ᠤᠨ ᠵᠠᠰᠠᠭ ᠲᠤ ᠬᠦᠨᠲᠦ ᠬᠡᠴᠡᠭᠦᠦ ᠲᠠᠷᠤᠭᠠᠰᠤ ᠪᠣᠯᠬᠤ ᠶᠢᠨ ᠤᠯᠠᠮ ᠢᠢᠡᠷ ᠤᠢᠷ ᠡ ᠦᠶ ᠡ ᠶᠢᠨ ᠮᠣᠩᠭᠤᠯ ᠬᠤᠰᠢᠭᠤᠳ ᠤᠨ ᠦᠷᠢ ᠵᠢᠭᠡᠯᠡᠯᠭᠡᠲᠦ ᠡᠳ᠋ ᠤᠨ ᠵᠠᠰᠠᠭ ᠤᠨ ᠪᠤᠢ ᠪᠣᠯᠤᠭᠰᠠᠨ ᠴᠢᠬᠤᠯᠠ ᠰᠢᠯᠲᠠᠭᠠᠨ ᠪᠣᠯᠤᠭᠰᠠᠨ ᠵᠡᠷᠭᠡ ᠵᠢ ᠤᠯᠠᠷᠢᠭᠤᠯᠤᠨ ᠰᠢᠨᠵᠢᠯᠡᠵᠡᠢ᠃ |
Original Literature |
View Original Paper
|
出自 |
内蒙古师范大学学报
2013年
第4期
|