Paper Information


Title ᠮᠣᠩ᠋ᠭᠤᠯ ᠰᠢᠯᠦᠭ ᠵᠦᠢ ᠳᠡᠬᠢ ᠲᠢᠭ᠌ ᠮᠠᠶ‍ᠢᠭ ᠤᠨ ᠣᠨᠣᠯ ᠵᠢᠴᠢ ᠬᠤᠯᠪᠤᠭᠳᠠᠬᠤ ᠵᠠᠷᠢᠮ ᠠᠰᠠᠭᠤᠳᠠᠯ
Creator ᠰ‍᠂ ᠤᠷᠤᠰᠬᠠᠯ
Keyword
Abstract ᠲᠤᠰ ᠦᠭᠦᠯᠡᠯ ᠳᠦ ᠂ 19᠋ ᠳᠤᠭᠡᠷ ᠵᠠᠭᠤᠨ ᠪᠤᠯ ᠮᠣᠩ᠋ᠭᠤᠯ ᠰᠢᠯᠦᠭ ᠵᠦᠢ ᠳᠡᠬᠢ ᠲᠢᠭ᠌ ᠮᠠᠶ‍ᠢᠭ᠋ ᠤᠨ ᠣᠨᠣᠯ ᠤᠨ ᠪᠦᠷᠢᠯᠳᠦᠯ ᠦᠨ ᠱᠠᠲᠤ ᠬᠡᠮᠡᠨ ᠨᠤᠲᠠᠯᠠᠵᠤ᠂ ᠪᠢᠴᠢᠭ᠌ ᠵᠤᠬᠢᠶᠠᠯ ᠤᠨ ᠶᠡᠷᠦᠩᠬᠡᠢ ᠨᠡᠷᠡᠢ᠌ᠳᠦᠯ; ᠤᠷᠠᠨ ᠵᠤᠬᠢᠶᠠᠯ; ᠤᠳᠬ᠎ᠠ ᠤᠶᠠᠩ᠋ᠭ᠎ᠠ ᠵᠡᠷᠭᠡ ᠴᠢᠬᠤᠯᠠ ᠤᠬᠠᠭᠳᠠᠬᠤᠨ ᠤ ᠡᠭᠦᠰᠦᠯ ᠤᠯᠠᠷᠢᠯ ᠢ ᠲᠤᠭᠤᠷᠠᠭᠤᠥᠯᠤᠨ ᠲᠤᠳᠤᠷᠬᠠᠢ᠌ᠯᠠᠵᠤ᠂ ᠦᠷᠭᠦᠯᠵᠢᠯᠡᠭᠰᠡᠨ ᠵᠤᠬᠢᠶᠠᠯ ᠪᠠ ᠰᠢᠯᠦᠭᠯᠡᠭᠰᠡᠨ ᠵᠤᠬᠢᠶᠠᠯ ᠤᠨ ᠲᠢᠭ᠌ ᠮᠠᠶ‍ᠢᠭ ᠤᠨ ᠠᠩ᠋ᠭᠢᠯᠠᠯ ᠢ ᠨᠠᠷᠢᠨ ᠰᠢᠨᠵᠢᠯᠡᠵᠦ᠂ 《ᠰᠤᠯᠠ ᠱᠠᠰᠲᠢᠷ》᠂ 《ᠲᠦᠪ ᠰᠤᠳᠤᠷ》᠂ 《ᠰᠢᠭᠦᠮᠵᠢᠯᠡᠯ ᠨᠠᠢ᠌ᠷᠠᠭᠤᠯᠤᠯ》; 《ᠬᠤᠯᠪᠤᠭᠠᠨ》᠂ 《ᠪᠢᠳᠡᠭᠦᠦ ᠰᠢᠯᠦᠭ》᠂ 《ᠲᠤᠤᠯᠢ ᠦᠭᠡᠰ》ᠵᠡᠷᠭᠡ ᠴᠢᠬᠤᠯᠠ ᠲᠢᠭ᠌ ᠮᠠᠶ‍ᠢᠭ ᠢ ᠣᠨᠣᠯ ᠤᠨ ᠬᠤᠪᠢ ᠳᠤ ᠲᠤᠳᠤᠷᠬᠠᠢ᠌ᠯᠠᠭᠰᠠᠨ ᠨᠢ ᠲᠤᠬᠠᠢ ᠶᠢᠨ ᠰᠢᠯᠦᠭ ᠵᠦᠢ ᠳᠡᠬᠢ ᠴᠢᠬᠤᠯᠠ ᠠᠮᠵᠢᠯᠲᠠ ᠬᠡᠮᠡᠨ ᠨᠤᠲᠠᠯᠠᠵᠤ᠂ 《ᠲᠡᠦᠬᠡ ᠨᠠᠮᠳᠠᠷ》᠂ 《ᠰᠢᠯᠦᠭ ᠨᠠᠢ᠋ᠷᠠᠭ》᠋ ᠤᠨ ᠤᠯᠠᠮᠵᠢᠯᠠᠯ ᠵᠢᠴᠢ ᠰᠡᠳᠬᠢᠭᠦᠢ ᠶᠢᠨ ᠬᠡᠯᠪᠡᠷᠢ ᠬᠢᠭᠡᠳ ᠣᠨᠣᠯ ᠤᠨ ᠬᠡᠪᠰᠢᠯ ᠵᠡᠷᠭᠡ ᠬᠤᠯᠪᠤᠭᠳᠠᠬᠤ ᠠᠰᠠᠭᠤᠳᠠᠯ ᠢ ᠦᠭᠦᠯᠡᠵᠦ᠂ ᠲᠤᠬᠠᠢ ᠶᠢᠨ ᠲᠢᠭ᠌ ᠮᠠᠶ‍ᠢᠭ ᠤᠨ ᠣᠨᠣᠯ ᠨᠢ ᠵᠦᠪᠬᠡᠨ ᠬᠡᠯᠡ ᠨᠠᠢ᠌ᠷᠠᠭᠤᠯᠭ᠎ᠠ ᠬᠡᠯᠪᠡᠷᠢ ᠲᠦᠷᠬᠦ ᠶᠢ ᠯᠡ ᠪᠠᠷᠢᠮᠲᠠᠯᠠᠯᠠᠭᠰᠠᠨ ᠪᠢᠰᠢ ᠬᠠᠷᠢᠨ ᠭᠤᠤ᠎ᠠ ᠵᠦᠢ ᠶᠢᠨ ᠤᠳᠬ᠎ᠠ ᠤᠬᠠᠭᠤᠯᠬᠤᠨ ᠢ ᠴᠢᠬᠤᠯᠠᠴᠢᠯᠠᠭᠰᠠᠨ ᠭᠡᠬᠦ ᠦᠵᠡᠯᠲᠡ ᠶᠢ ᠳᠡᠪᠰᠢᠭᠦᠯᠪᠡ᠃
Original Literature No Original Paper
出自 内蒙古大学学报 1998年 第4期

联系我们


内蒙古大学图书馆
呼和浩特市大学西路235号
中国·内蒙古
P: (0471) 4992561
E: huangfeilong@imu.edu.cn