Paper Information


Title ᠮᠣᠩᠭᠤᠯ ᠡᠮ ᠢᠶᠡᠷ ᠬᠤᠳᠤᠷᠢᠩᠬᠠᠢ ᠭᠡᠳᠡᠰᠦᠨ ᠦ ᠰᠢᠷᠬᠠᠯᠠᠭ᠎ᠠ ᠶᠢᠨ ᠴᠢᠨ᠋ᠠᠷᠲᠠᠢ ᠦᠷᠪᠢᠰᠦᠯ ᠢ ᠵᠠᠰᠠᠭᠰᠠᠨ 100 ᠵᠢᠱᠢᠶ᠎ᠡ ᠶᠢᠨ ᠮᠡᠳᠡᠭᠦᠯᠦᠯᠲᠡ
Creator ᠬᠠᠢ ᠶᠢᠨ ᠹᠧᠩ; ᠪᠤᠤ ᠭᠤᠸᠠᠩ ᠬᠤᠸᠠ; ᠪᠠᠶᠠᠨᠮᠦ᠋ᠩᠬᠡ
Keyword ᠬᠤᠳᠤᠷᠢᠩᠬᠠᠢ ᠭᠡᠳᠡᠰᠦᠨ ᠦ ᠦᠷᠪᠢᠰᠦᠯ᠂ ᠰᠢᠷᠬᠠᠯᠠᠭ᠎ᠠ ᠶᠢᠨ ᠴᠢᠨ᠋ᠠᠷᠲᠠᠢ; ᠮᠣᠩᠭᠤᠯ ᠡᠮ ᠢᠶᠡᠷ ᠵᠠᠰᠠᠬᠤ ᠠᠷᠭ᠎ᠠ
Abstract ᠬᠤᠳᠤᠷᠢᠩᠬᠠᠢ ᠭᠡᠳᠡᠰᠦᠨ ᠦ ᠰᠢᠷᠬᠠᠯᠠᠭ᠎ᠠ ᠶᠢᠨ ᠴᠢᠨ᠋ᠠᠷᠲᠠᠢ ᠦᠷᠪᠢᠰᠦᠯ ᠪᠦᠬᠦᠢ 190 ᠵᠢᠱᠢᠶ᠎ᠡ ᠡᠪᠡᠳᠴᠢᠲᠡᠨ ᠢ ᠲᠠᠰᠢᠷᠠᠮ ᠢᠶᠠᠷ ᠨᠢ ᠡᠮᠨ᠋ᠡᠨ ᠵᠠᠰᠠᠬᠤ ᠳᠤᠭ᠋ᠤᠢᠯᠠᠩ ᠪᠠ ᠬᠠᠷᠢᠴᠠᠭ᠋ᠤᠯᠤᠭᠴᠢ ᠳᠤᠭ᠋ᠤᠢᠯᠠᠩ ᠭᠡᠵᠦ 2 ᠳᠤᠭ᠋ᠤᠢᠯᠠᠩ ᠬᠤᠪᠢᠶᠠᠵᠤ᠂ ᠡᠮᠨ᠋ᠡᠨ ᠵᠠᠰᠠᠬᠤ ᠳᠤᠭ᠋ᠤᠢᠯᠠᠩ ᠤᠨ ᠡᠪᠡᠳᠴᠢᠲᠡᠨ ᠳᠦ ᠪᠤᠷᠤ ᠶᠢᠨ ᠲᠠᠯᠬ᠎ᠠ ᠶᠢ ᠤᠤᠭ᠋ᠤᠯᠭ᠋ᠠᠬᠤ ᠶᠢᠨ ᠬᠠᠮᠲᠤ ᠬᠠᠳᠠᠭ᠋ᠠᠭᠴᠢ -7 ᠪᠡᠷ ᠨᠢᠷᠤᠬ᠎ᠠ ᠲᠠᠯᠪᠢᠵᠤ᠂ ᠬᠠᠷᠢᠴᠠᠭ᠋ᠤᠯᠬᠤ ᠳᠤᠭ᠋ᠤᠢᠯᠠᠩ ᠤᠨ ᠡᠪᠡᠳᠴᠢᠲᠡᠨ ᠳᠦ ᠯᠢᠦ ᠳ᠋ᠠᠨ ᠬᠤᠸᠠᠩ ᠠᠨ ᠪᠢ ᠳ᠋ᠢᠩ ᠢ ᠤᠤᠭ᠋ᠤᠯᠭ᠋ᠠᠬᠤ ᠶᠢᠨ ᠬᠠᠮᠲᠤ ᠳ᠋ᠧᠺᠰᠠᠮᠧᠲ᠋ᠠᠰᠤᠨ ᠢᠶᠠᠷ ᠨᠢᠷᠤᠬ᠎ᠠ ᠲᠠᠯᠢᠪᠵᠤ ᠵᠠᠰᠠᠵᠠᠢ᠃ 90 ᠡᠳᠦᠷ ᠦᠨ ᠡᠮᠴᠢᠯᠡᠭᠡᠨ ᠦ ᠳᠠᠷᠠᠭ᠎ᠠ ᠬᠤᠶᠠᠷ ᠳᠤᠭ᠋ᠤᠢᠯᠠᠩ ᠤᠨ ᠡᠳᠡᠭᠡᠷᠡᠭᠰᠡᠨ ᠨᠤᠷᠮ᠎ᠠ ᠨᠢ ᠲᠤᠰ ᠲᠤᠰ 67%᠂ 42.22% ᠪᠠᠢᠵᠤ᠂ ᠶᠡᠷᠦᠩᠬᠡᠢ ᠲᠤᠰᠠᠴᠠ ᠨᠢ ᠲᠤᠰ ᠲᠤᠰ 97% ᠪᠤᠯᠤᠨ 76.66% ᠪᠠᠢᠪᠠ (p<0.01)᠃ ᠡᠮᠴᠢᠯᠡᠭᠡᠨ ᠦ ᠳ᠋ᠦᠩ ᠦᠨ ᠬᠠᠷᠠᠭ᠋ᠤᠯᠤᠭᠰᠠᠨ ᠢᠶᠠᠷ᠂ ᠪᠤᠷᠤ ᠶᠢᠨ ᠲᠠᠯᠬ᠎ᠠ ᠶᠢ ᠤᠤᠭ᠋ᠤᠯᠭ᠋ᠠᠬᠤ ᠶᠢᠨ ᠬᠠᠮᠲᠤ ᠬᠠᠳᠠᠭ᠋ᠠᠭᠴᠢ -7 ᠪᠠᠷ ᠨᠢᠷᠤᠬ᠎ᠠ ᠲᠠᠯᠪᠢᠵᠤ ᠵᠠᠰᠠᠬᠤ ᠠᠷᠭ᠎ᠠ ᠶᠢᠨ ᠡᠮᠨ᠋ᠡᠯ ᠤᠨ ᠲᠤᠰᠠᠴᠠ ᠨᠢ ᠡᠸᠦ᠋ᠷᠦᠫᠡ ᠡᠮ ᠢᠶᠡᠷ ᠵᠠᠰᠠᠭᠰᠠᠨ ᠳᠤᠭ᠋ᠤᠢᠯᠠᠩ ᠤᠨ ᠡᠬᠢ ᠡᠴᠡ ᠢᠯᠡᠳᠲᠡ ᠰᠠᠢᠨ ᠪᠠᠢᠨ᠎ᠠ᠃
Original Literature No Original Paper
出自 内蒙古民族大学学报(自然科学) 2001年 第2期

联系我们


内蒙古大学图书馆
呼和浩特市大学西路235号
中国·内蒙古
P: (0471) 4992561
E: huangfeilong@imu.edu.cn