Abstract |
ᠦᠭᠦᠯᠡᠯ ᠨᠢ ᠬᠠᠮᠢᠶ ᠠ ᠪᠦᠬᠦᠢ ᠰᠣᠷᠪᠤᠯᠵᠢ ᠪᠢᠴᠢᠭ᠌᠂ ᠲᠠᠩᠰᠠ ᠡᠪᠬᠡᠮᠡᠯ ᠬᠢᠭᠡᠳ ᠪᠠᠢᠴᠠᠭᠠᠯᠲᠠ ᠶᠢᠨ ᠮᠡᠳᠡᠭᠦᠯᠦᠯᠲᠡ ᠵᠡᠷᠭᠡ ᠳ᠋ᠤ ᠲᠤᠯᠭᠠᠭᠤᠷᠢᠯᠠᠨ 16ᠳ᠋ᠤᠭᠠᠷ ᠵᠠᠭᠤᠨ ᠤ ᠰᠡᠭᠦᠯ ᠤᠨ ᠬᠠᠭᠠᠰ ᠡᠴᠡ 20 ᠳ᠋ᠤᠭᠠᠷ ᠵᠠᠭᠤᠨ ᠤ ᠲᠦᠷᠦᠭᠦᠦ ᠬᠠᠭᠠᠰ ᠬᠦᠷᠳᠡᠯᠡᠬᠢ ᠬᠤᠭᠤᠴᠠᠭᠠᠨ ᠳ᠋ᠤ ᠮᠣᠩᠭᠤᠯ ᠤᠨ ᠠᠯᠲᠠᠨ ᠤᠷᠤᠭᠲᠠᠨ ᠤ ᠲᠠᠢᠵᠢ ᠨᠠᠷ ᠢᠢᠡᠷ ᠲᠦᠷᠦᠭᠦᠯᠡᠭᠰᠡᠨ ᠨᠤᠶᠠᠳ ᠢᠵᠠᠭᠤᠷᠲᠠᠳ ᠯᠠᠮ ᠠ ᠪᠣᠯᠤᠭᠰᠠᠨ ᠠᠩᠬᠠᠨ ᠤ ᠤᠴᠢᠷ᠂ ᠮᠣᠩᠭᠤᠯ ᠤᠨ ᠬᠠᠷ ᠠ ᠰᠢᠷ ᠡ ᠹᠸᠤᠳᠠᠯᠴᠤᠳ ᠤᠨ ᠡᠷᠭᠡ ᠠᠰᠢᠭ ᠤᠨ ᠰᠦᠯᠪᠡᠭᠡᠯᠡᠯ ᠢ ᠬᠢᠵᠠᠭᠠᠷᠯᠠᠬᠤ ᠶᠢᠨ ᠲᠤᠰᠠᠲᠠ ᠴᠢᠩ ᠤᠯᠤᠰ ᠡᠴᠡ ᠲᠠᠢᠵᠢ ᠲᠠᠪᠤᠨᠠᠩ ᠤᠳ ᠤᠨ ᠬᠤᠲᠤᠭᠲᠤ ᠬᠤᠪᠢᠯᠭᠠᠳ ᠪᠠ ᠯᠠᠮ ᠠ ᠪᠣᠯᠬᠤ ᠵᠢ ᠬᠠᠤᠯᠢ ᠪᠡᠷ ᠵᠦᠪᠰᠢᠶᠡᠷᠡᠭᠰᠡᠨ᠂ ᠲᠠᠢᠵᠢ ᠲᠠᠪᠤᠨᠠᠩ ᠨᠠᠷ ᠭᠡᠷ ᠡᠴᠡ ᠭᠠᠷᠴᠤ ᠯᠠᠮ ᠠ ᠪᠣᠯᠵᠠᠭᠠᠭᠰᠠᠨ ᠦᠷᠨᠢᠯᠲᠡ ᠵᠢᠴᠢ ᠲᠡᠭᠦᠨ ᠤ ᠰᠢᠯᠲᠠᠭᠠᠨ ᠵᠡᠷᠭᠡ ᠠᠰᠠᠭᠤᠳᠠᠯ ᠢ ᠰᠢᠨᠵᠢᠯᠡᠵᠡᠢ᠃ |