Paper Information


Title ᠮᠤᠨᠭᠭᠤᠯ ᠬᠡᠯᠡᠨ ᠦ ᠬᠠᠭᠠᠰ ᠡᠭᠡᠰᠢᠭ᠌ ᠦᠨ ᠲᠤᠷᠰᠢᠯᠲᠠ ᠶᠢᠨ ᠠᠪᠢᠶ᠎ᠠ ᠵᠦᠢ ᠶᠢᠨ ᠰᠤᠳᠤᠯᠤᠯ
Creator ᠳᠡᠯᠭᠡᠷᠭᠦᠦ
Keyword ᠬᠠᠭᠠᠰ ᠡᠭᠡᠰᠢᠭ᠌; EPG ᠠᠷᠭ᠎ᠠ; ᠠᠪᠢᠶᠠᠯᠠᠬᠤ ᠤᠨᠴᠠᠯᠢᠭ; ᠠᠪᠢᠶᠠᠯᠠᠬᠤ ᠶᠠᠪᠤᠴᠠ
Abstract ᠮᠤᠨᠭᠭᠤᠯ ᠬᠡᠯᠡᠨ ᠦ ᠬᠠᠭᠠᠰ ᠡᠭᠡᠰᠢᠭ᠌ ᠦᠨ ᠰᠢᠨᠵᠢ ᠲᠡᠢ [j]᠂[w]᠋ ᠶᠢ ᠡᠷᠳᠡᠮᠲᠡᠳ ᠶᠠᠩᠵᠤ ᠶᠠᠩᠵᠤ ᠪᠠᠷ ᠰᠤᠳᠤᠯᠵᠤ ᠦᠩᠭᠡᠷᠡᠪᠡ᠃ ᠡᠨᠳᠡ ᠲᠡᠳᠡᠭᠡᠷ ᠡᠷᠳᠡᠮᠲᠡᠳ ᠦᠨ ᠰᠤᠳᠤᠯᠭᠠᠨ ᠤ ᠰᠠᠭᠤᠷᠢ ᠳᠡᠭᠡᠷ᠎ᠡ᠂ [j]᠂[w]᠋ ᠤᠨ ᠠᠪᠢᠶᠠᠯᠠᠭᠳᠠᠬᠤ ᠤᠨᠴᠠᠯᠢᠭ᠂ ᠠᠪᠢᠶᠠᠯᠠᠭᠳᠠᠬᠤ ᠶᠠᠪᠤᠴᠠ ᠶᠢ ᠲᠤᠳᠤᠯᠠᠨ ᠭᠠᠷᠭᠠᠵᠤ ᠪᠤᠯᠵᠤ ᠪᠠᠶᠢᠭ᠎ᠠ᠃ ᠡᠷᠳᠡᠮᠲᠡᠳ ᠦᠨ ᠰᠤᠳᠤᠯᠭᠠᠨ ᠤ ᠲᠤᠷᠰᠢᠯᠲᠠ ᠶᠢᠨ ᠦᠷ᠎ᠡ ᠳ᠋ᠦᠩ᠋ ᠳᠤ [j] ᠭᠡᠬᠦ ᠬᠠᠭᠠᠰ ᠡᠭᠡᠰᠢᠭ᠌ ᠦᠨ ᠠᠪᠢᠶᠠᠯᠠᠭᠳᠠᠬᠤ ᠤᠨᠴᠠᠯᠢᠭ ᠨᠢ ᠬᠠᠲᠠᠭᠤ ᠲᠠᠩᠨᠠᠢ᠂ ᠱᠦᠷᠭᠦᠬᠦ ᠡᠭᠡᠰᠢᠭ᠌ ᠲᠡᠢ ᠠᠳᠠᠯᠢ ᠲᠤᠳᠤᠷᠬᠠᠢ ᠳᠠᠪᠳᠠᠮᠵᠢ ᠶᠢᠨ ᠮᠦᠷ ᠲᠡᠢ᠂ ᠬᠠᠭᠠᠰ ᠡᠭᠡᠰᠢᠭ᠌ ᠪᠤᠯᠬᠤ ᠪᠦᠭᠡᠳ [w]᠋ ᠶᠢᠨ ᠠᠪᠢᠶᠠᠯᠠᠬᠤ ᠪᠠᠶᠢᠷᠢ ᠨᠢ ᠬᠠᠲᠠᠭᠤ ᠲᠠᠩᠨᠠᠢ ᠶᠢᠨ ᠬᠤᠪᠢ ᠳᠤ ᠪᠠᠶᠢᠬᠤ ᠡᠭᠡᠰᠢᠭ᠌ ᠪᠤᠯᠤᠨ᠎ᠠ᠃ ᠬᠠᠷᠢᠨ ᠲᠠᠩᠨᠠᠢ ᠶᠢᠨ ᠵᠢᠷᠤᠭ ᠳᠡᠭᠡᠷ᠎ᠡ ᠬᠤᠶᠢᠨ᠎ᠠ ᠨᠢ ᠡᠭᠡᠰᠢᠭ᠌ ᠤᠷᠤᠬᠤ ᠳᠤ [w]᠋ ᠤᠨ ᠬᠡᠯᠡ ᠲᠠᠩᠨᠠᠢ ᠶᠢᠨ ᠬᠦᠷᠦᠯᠴᠡᠬᠦ ᠲᠠᠯᠠᠪᠠᠢ ᠶᠢᠨ RCA ᠬᠡᠮᠵᠢᠭᠳᠡᠯ ᠨᠡᠯᠢᠶᠡᠳ ᠲᠤᠭᠲᠠᠪᠤᠷᠢᠲᠠᠢ᠂ ᠵᠦᠪᠬᠡᠨ ᠬᠤᠶᠢᠨ᠎ᠠ ᠤᠷᠤᠬᠤ ᠨᠢ ᠱᠦᠷᠭᠦᠬᠦ ᠤᠨᠴᠠᠯᠢᠭ ᠲᠠᠢ ᠪᠤᠶᠤ ᠬᠡᠯᠡᠨ ᠦ ᠤᠷᠳᠤᠭᠤᠷᠬᠢ ᠭᠡᠶᠢᠭᠦᠯᠦᠭᠴᠢ ᠪᠠᠶᠢᠬᠤ ᠦᠶᠡᠰ ᠬᠡᠯᠡ ᠲᠠᠩᠨᠠᠢ ᠶᠢᠨ ᠬᠦᠷᠦᠯᠴᠡᠬᠦ ᠬᠡᠮᠵᠢᠶ᠎ᠡ ᠰᠠᠶ‍ᠢ ᠪᠠᠭ᠎ᠠ ᠠᠴᠠ ᠶᠡᠬᠡ ᠪᠤᠯᠬᠤ ᠬᠤᠪᠢᠷᠠᠯᠲᠠ ᠲᠠᠢ ᠪᠠᠶᠢᠳᠠᠭ᠃
Original Literature View Original Paper
出自 中国蒙古学 2010年 第5期

联系我们


内蒙古大学图书馆
呼和浩特市大学西路235号
中国·内蒙古
P: (0471) 4992561
E: huangfeilong@imu.edu.cn