Paper Information


Title ᠽᠠᠶ ᠠ ᠪᠠᠨᠳᠢᠳᠠ ᠬᠦᠩᠭᠠᠵᠠᠯᠰᠠᠨ ᠤ ᠮᠣᠩᠭᠤᠯ ᠦᠰᠦᠭ ᠪᠢᠴᠢᠭ ᠤᠨ ᠰᠣᠳᠤᠯᠭᠠᠨ ᠤ ᠲᠣᠬᠠᠢ
Creator ᠬᠠᠰᠪᠠᠭᠠᠨ᠎ᠠ
Keyword ᠬᠦᠩᠭᠠᠵᠠᠯᠰᠠᠨ; ᠮᠣᠩᠭᠤᠯ ᠦᠰᠦᠭ ᠪᠢᠴᠢᠭ; ᠴᠠᠭᠠᠨ ᠲᠤᠯᠤᠭᠠᠢ
Abstract ᠮᠣᠩᠭᠤᠯ ᠰᠤᠷᠪᠤᠯᠵᠢ ᠪᠴᠢᠭ ᠲᠤ ᠽᠠᠶ ᠠ ᠪᠠᠨᠳᠢᠳᠠ ᠬᠦᠩᠭᠠᠵᠠᠯᠰᠠᠨ ᠮᠣᠩᠭᠤᠯ ᠣᠷᠤᠨ ᠳ᠋ᠤ ᠬᠦᠷᠴᠦ ᠢᠷᠡᠵᠦ ᠱᠠᠰᠢᠨ ᠲᠡᠯᠭᠡᠷᠡᠭᠦᠯᠬᠦ ᠶᠢᠨ ᠵᠡᠷᠭᠡ ᠳ᠋ᠤ᠂ ᠮᠣᠩᠭᠤᠯ ᠦᠰᠦᠭ ᠪᠢᠴᠢᠭ ᠤᠨ ᠰᠣᠳᠤᠯᠭᠠᠨ ᠤ ᠪᠦᠲᠦᠭᠡᠯ《ᠵᠢᠷᠤᠬᠡᠨ ᠤ ᠲᠤᠯᠲᠤ》 ᠵᠢ ᠵᠣᠬᠢᠶᠠᠭᠰᠠᠨ ᠭᠡᠬᠦ ᠲᠡᠮᠳᠡᠭᠡᠯᠯ ᠪᠠᠢᠬᠤ ᠪᠦᠭᠡᠳ ᠪᠠᠰᠠ ᠡᠭᠦᠨ ᠢ《ᠮᠣᠩᠭᠤᠯ ᠤᠯᠤᠰ ᠤᠨ ᠦᠰᠦᠭ ᠢ᠎ ᠵᠣᠬᠢᠶᠠᠭᠰᠠᠨ》ᠭᠡᠵᠦ ᠲᠡᠮᠳᠡᠭᠡᠯᠭᠰᠡᠨ ᠪᠠᠢᠳᠠᠭ᠃ ᠲᠤᠰ ᠦᠭᠦᠯᠡᠯ ᠳ᠋ᠤ ᠮᠣᠩᠭᠤᠯ ᠂ ᠬᠢᠲᠠᠳ᠂ ᠲᠦᠪᠡᠳ ᠬᠡᠯᠡ ᠪᠡᠷ ᠪᠢᠴᠢᠭᠳᠡᠭᠰᠡᠨ ᠬᠠᠮᠢᠶ ᠠ ᠪᠦᠬᠦᠢ ᠰᠣᠷᠪᠤᠯᠵᠢ ᠪᠢᠴᠢᠭ ᠢ ᠠᠰᠢᠭᠯᠠᠨᠮ ᠽᠠᠶ ᠠ ᠪᠠᠨᠳᠢᠳᠠ ᠮᠣᠩᠭᠤᠯ ᠣᠷᠤᠨ ᠳ᠋ᠤ ᠢᠡᠷᠭᠰᠡᠨ ᠤ ᠲᠠᠷᠠᠭ᠎ᠠ᠂ ᠬᠠᠭᠠᠨᠳᠤ ᠲᠦᠷᠦ ᠶᠢᠨ ᠨᠠᠢᠳᠠᠯᠭ᠎ ᠠ ᠪᠡᠷ ᠬᠢᠭᠰᠡᠨ ᠮᠣᠩᠭᠤᠯ ᠦᠰᠦᠭ ᠪᠢᠴᠢᠭ ᠤᠨ ᠰᠣᠳᠤᠯᠭᠠᠨ ᠤ ᠲᠣᠬᠠᠢ ᠬᠦᠨᠵᠡᠭᠡᠢᠢᠷᠡᠭᠰᠡᠨ ᠰᠢᠨᠵᠢᠯᠡᠭᠡ ᠬᠢᠵᠦ᠂ ᠽᠠᠶ ᠠ ᠪᠠᠨᠳᠢᠳᠠ ᠬᠦᠩᠭᠠᠵᠠᠯᠰᠠᠨ ᠶᠠᠮᠠᠷ ᠨᠢᠭᠡᠨ ᠮᠣᠩᠭᠤᠯ ᠤᠨ ᠰᠢᠨ᠎ ᠡ ᠦᠰᠦᠭ ᠢ ᠵᠣᠬᠢᠶᠠᠭᠰᠠᠨ ᠪᠢᠰᠢ᠂ ᠬᠠᠷᠢᠨ ᠤᠤᠯ ᠡᠴᠡ ᠪᠠᠨ ᠬᠡᠷᠡᠭᠡᠯᠵᠦ ᠪᠠᠢᠭᠰᠠᠨ ᠤᠢᠭᠤᠷᠵᠢᠨ ᠮᠣᠩᠭᠤᠯ ᠪᠢᠴᠢᠭ ᠤᠨ ᠦᠶ ᠡ ᠪᠦᠬᠦᠨ ᠳ᠋ᠤ ᠡᠭᠡᠰᠢᠭ ᠲᠠᠢ ᠪᠢᠴᠢᠳᠡᠭ ᠣᠨᠴᠠᠯᠢᠭ ᠰᠢᠨᠵᠢ ᠵᠢ ᠨᠠᠷᠢᠨ ᠲᠤᠳᠤᠷᠬᠠᠢᠯᠠᠵᠤ᠂ ᠮᠣᠩᠭᠤᠯ ᠪᠴᠢᠭ ᠤᠨ ᠴᠠᠭᠠᠨ ᠲᠤᠯᠤᠭᠠᠢ ᠵᠢ ᠡᠮᠬᠢᠳᠭᠡᠨ ᠭᠠᠷᠭᠠᠵᠠᠢ ᠭᠡᠵᠦ ᠦᠵᠡᠪᠡ᠃
Original Literature View Original Paper
出自 内蒙古师范大学学报 2015年 第4期

联系我们


内蒙古大学图书馆
呼和浩特市大学西路235号
中国·内蒙古
P: (0471) 4992561
E: huangfeilong@imu.edu.cn