Paper Information


Title ᠮᠣᠩ᠋ᠭᠤᠯ ᠤᠷᠠᠨ ᠵᠤᠬᠢᠶᠠᠯ ᠤᠨ ᠲᠡᠦᠬᠡ ᠪᠢᠴᠢᠯᠭᠡ ᠶᠢᠨ ᠤᠴᠢᠷ
Creator ᠪ᠂ ᠪᠦᠷᠢᠨᠪᠡᠬᠢ
Keyword
Abstract ᠲᠤᠰ ᠦᠭᠦᠯᠡᠯ ᠦᠩᠭᠡᠷᠡᠭᠰᠡᠨ ᠦ ᠲᠠᠪᠢᠭᠠᠳ ᠵᠢᠯ ᠦᠨ ᠮᠣᠩ᠋ᠭᠤᠯ ᠤᠷᠠᠨ ᠵᠤᠬᠢᠶᠠᠯ ᠤᠨ ᠲᠡᠦᠬᠡ ᠪᠢᠴᠢᠯᠭᠡ ᠶᠢᠨ ᠦᠨᠳᠦᠰᠦᠨ ᠪᠠᠢ᠌ᠳᠠᠯ ᠢ ᠤᠳᠬ᠎ᠠ ᠪᠢᠴᠢᠭ᠌ ᠦᠨ ᠲᠡᠦᠬᠡᠨ ᠳᠤᠪᠬᠢᠴᠠ ᠶᠢᠨ ᠮᠠᠶ‍ᠢᠭᠲᠤ᠂ ᠵᠤᠬᠢᠶᠠᠯ᠂ ᠵᠤᠬᠢᠶᠠᠯᠴᠢ ᠶᠢᠨ ᠦᠨᠡᠯᠡᠯ ᠲᠠᠨᠢᠯᠴᠠᠭᠤᠯᠭ᠎ᠠ ᠶᠢᠨ ᠮᠠᠶ‍ᠢᠭᠲᠤ᠂ ᠨᠡᠢ᠌ᠭᠡᠮ ᠦᠨ ᠰᠢᠨᠵᠢᠯᠡᠯ ᠪᠤᠯᠤᠨ ᠤᠷᠠᠯᠢᠭ ᠤᠨ ᠰᠢᠨᠵᠢᠯᠡᠯ ᠦᠨ ᠤᠶᠠᠯᠳᠤᠭᠤᠯᠤᠯ ᠳᠤᠮᠳᠠᠬᠢ ᠤᠷᠠᠨ ᠵᠤᠬᠢᠶᠠᠯ ᠤᠨ ᠲᠡᠦᠬᠡ ᠨᠠᠢ᠌ᠷᠠᠭᠤᠯᠤᠯ ᠤᠨ ᠮᠠᠶ‍ᠢᠭᠲᠤ ᠬᠡᠮᠡᠨ ᠭᠤᠷᠪᠠᠨ ᠵᠤᠢ᠌ᠯ ᠳᠤ ᠠᠩ᠋ᠭᠢᠯᠠᠨ ᠰᠢᠨᠵᠢᠯᠡᠭᠡᠳ ᠬᠤᠢ᠌ᠰᠢᠲᠠ ᠶᠢᠨ ᠤᠷᠠᠨ ᠵᠤᠬᠢᠶᠠᠯ ᠤᠨ ᠲᠡᠦᠬᠡ ᠪᠢᠴᠢᠯᠭᠡ ᠳᠦ ᠨᠡᠢ᠌ᠭᠡᠮ ᠦᠨ ᠰᠢᠨᠵᠢᠯᠡᠯ ᠪᠤᠯᠤᠨ ᠤᠷᠠᠯᠢᠭ ᠤᠨ ᠰᠨᠵᠢᠯᠡᠯ ᠦᠨ ᠤᠶᠠᠯᠳᠤᠭᠤᠯᠤᠯ ᠳᠤᠮᠳᠠ ᠤᠷᠠᠨ ᠵᠤᠬᠢᠶᠠᠯ ᠤᠨ ᠬᠦᠭ᠍ᠵᠢᠯ ᠦᠨ ᠪᠦᠬᠦ ᠲᠠᠯ᠎ᠠ ᠶᠢ ᠠᠩ᠋ᠬᠠᠷᠴᠤ ᠵᠤᠬᠢᠶᠠᠯ᠂ ᠵᠤᠬᠢᠶᠠᠯᠴᠢ ᠶᠢ ᠭᠤᠤᠯᠴᠢᠯᠠᠨ ᠰᠤᠳᠤᠯᠬᠤ ᠪᠠᠷ ᠪᠠᠷᠠᠬᠤ ᠦᠭᠡᠢ ᠮᠦᠨ ᠤᠷᠠᠯᠢᠭ ᠤᠨ ᠦᠵᠡᠯ ᠬᠠᠨᠳᠤᠰᠢ᠂ ᠤᠷᠠᠯᠢᠭ ᠤᠨ ᠤᠷᠤᠰᠬᠠᠯ ᠪᠦᠯᠦᠭ᠂ ᠤᠷᠠᠯᠢᠭ ᠤᠨ ᠨᠡᠢ᠌ᠭᠡᠮᠯᠢᠭ᠌᠂ ᠤᠷᠠᠨ ᠵᠤᠬᠢᠶᠠᠯ ᠤᠨ ᠣᠷᠴᠢᠭᠤᠯᠭ᠎ᠠ᠂ ᠲᠡᠭᠦᠨᠴᠢᠯᠡᠨ ᠮᠣᠩ᠋ᠭᠤᠯ ᠵᠤᠬᠢᠶᠠᠯᠴᠢ ᠶᠢᠨ ᠬᠢᠲᠠᠳ᠂ ᠲᠦᠪᠡᠳ ᠬᠡᠯᠡᠲᠦ ᠵᠤᠬᠢᠶᠠᠯ ᠢ ᠴᠤ ᠬᠠᠷᠠᠭᠠᠨ ᠳᠠᠭᠠᠨ ᠣᠷᠤᠭᠤᠯᠤᠨ ᠰᠤᠳᠤᠯᠵᠤ᠂ ᠡᠳᠡᠭᠡᠷ ᠦᠨ ᠳᠤᠲᠤᠷ᠎ᠠ ᠠᠴᠠ ᠮᠣᠩ᠋ᠭᠤᠯ ᠤᠷᠠᠨ ᠵᠤᠬᠢᠶᠠᠯ ᠤᠨ ᠬᠦᠭ᠍ᠵᠢᠯ ᠦᠨ ᠵᠢᠮ᠎ᠡ ᠬᠠᠤᠯᠢ ᠶᠢ ᠡᠷᠢᠪᠡᠰᠦ ᠵᠤᠬᠢᠨ᠎ᠠ ᠬᠡᠮᠡᠨ ᠦᠵᠡᠵᠡᠢ᠃ ᠡᠴᠦᠰ ᠲᠦ ᠮᠣᠩ᠋ᠭᠤᠯ ᠤᠷᠠᠨ ᠵᠤᠬᠢᠶᠠᠯ ᠤᠨ ᠲᠡᠦᠬᠡ ᠪᠢᠴᠢᠯᠭᠡ ᠶᠢᠨ ᠤᠬᠠᠭᠠᠨ ᠢ ᠰᠤᠳᠤᠯᠬᠤ ᠶᠠᠪᠤᠳᠠᠯ ᠨᠢᠭᠡᠨᠲᠡ ᠪᠠᠴᠢᠮ ᠡᠭᠦᠷᠭᠡ ᠪᠤᠯᠤᠨ ᠲᠤᠯᠭᠠᠷᠠᠭᠰᠠᠨ ᠢ ᠰᠠᠨᠠᠭᠠᠴᠢᠠᠨ ᠳᠤᠷᠠᠳᠤᠭᠰᠠᠨ ᠪᠠᠢ᠌ᠨ᠎ᠠ᠃
Original Literature No Original Paper
出自 内蒙古大学学报 1999年 第1期

联系我们


内蒙古大学图书馆
呼和浩特市大学西路235号
中国·内蒙古
P: (0471) 4992561
E: huangfeilong@imu.edu.cn