Abstract |
ᠭᠡ•ᠮᠦᠩᠬᠡ 《ᠰᠣᠳᠣᠯᠣᠯ》 ᠭᠡᠬᠦ ᠲᠤᠮᠤ ᠪᠦᠳᠦᠭᠡᠯ ᠳ᠋ᠡᠭᠡᠨ ᠄《ᠴᠢᠩᠬᠢᠰ ᠬᠠᠭᠠᠨ ᠪᠣᠯ ᠮᠣᠩᠭᠤᠯ ᠤᠨ ᠡᠷᠲᠡᠨ ᠤ ᠦᠶ ᠡ ᠶᠢᠨ ᠬᠦᠨ ᠤᠬᠠᠭᠠᠨᠲᠠᠨ ᠮᠦᠨ》ᠭᠡᠰᠡᠨ ᠡᠨᠡ ᠬᠦ ᠰᠡᠳᠦᠪᠯᠡᠬᠡ ᠵᠢ ᠲᠤᠷᠠᠳᠤᠭᠰᠠᠨ ᠪᠠ ᠰᠢᠨᠵᠢᠯᠡᠬᠦ ᠤᠬᠠᠭᠠᠨᠴᠢ ᠪᠡᠷ ᠬᠦᠮᠦᠰ ᠲᠤ ᠬᠠᠩᠭᠠᠮᠵᠢᠲᠠᠢ ᠬᠠᠷᠢᠭᠤᠯᠲᠠ ᠦᠭᠭᠦᠭᠰᠡᠨ ᠶᠠᠪᠤᠳᠠᠯ ᠪᠣᠯ ᠶᠠᠭ ᠮᠠᠷᠺᠰ ᠤᠨ ᠬᠡᠯᠡᠭᠰᠡᠨ ᠮᠡᠲᠦ᠂ 《ᠲᠠᠮᠤ ᠶᠢᠨ ᠡᠭᠦᠳᠡᠨ ᠲᠡᠭᠡᠷᠡᠬᠢ ᠲᠠᠢ ᠠᠳᠠᠯᠢ ᠠᠶᠤᠵᠤ ᠡᠮᠢᠶᠠᠬᠦ ᠵᠢ ᠦᠨᠳᠦᠰᠦ ᠪᠡᠷ ᠲᠠᠶᠠᠭᠳᠠᠭᠰᠠᠨ ᠵᠣᠷᠢᠭᠲᠤ ᠡᠷ ᠡ ᠶᠢᠨ ᠡᠷᠡᠯᠭᠡᠭ ᠠᠵᠢᠯᠯᠠᠭ᠎ᠠ ᠪᠣᠯᠤᠨ᠎ᠠ᠃ ᠲᠡᠷᠡ ᠨᠢ ᠮᠣᠩᠭᠤᠯ ᠰᠣᠳᠣᠯᠣᠯ᠂ ᠤᠨᠴᠠᠭᠠᠢᠯᠠᠨ ᠮᠣᠩᠭᠤᠯ ᠤᠨ ᠬᠦᠨ ᠤᠬᠠᠭᠠᠨ ᠤ ᠦᠵᠡᠯ ᠰᠠᠨᠠᠭᠠᠨ ᠤ ᠲᠡᠦᠭᠡ ᠶᠢᠨ ᠰᠣᠳᠣᠯᠣᠯ ᠳ᠋ᠤ ᠬᠤᠭᠤᠰᠤᠨ ᠢ ᠨᠦᠬᠦᠪᠦᠷᠢᠯᠡᠭᠰᠡᠨ ᠠᠯᠠᠰ ᠬᠡᠳᠦ ᠶᠢᠨ ᠬᠦᠨ ᠭᠨᠵᠡᠭᠡᠢ ᠠᠴᠢ ᠬᠤᠯᠪᠤᠭᠳᠠᠯ ᠲᠠᠢ ᠰᠢᠯᠢᠳᠡᠭ ᠪᠦᠲᠦᠭᠡᠯ ᠪᠣᠯᠤᠨ᠎ᠠ᠃ᠲᠤᠰ ᠪᠦᠲᠦᠭᠡᠯ ᠳ᠋ᠤ ᠴᠢᠩᠬᠢᠰ ᠬᠠᠭᠠᠨ ᠢ ᠮᠣᠩᠭᠤᠯ ᠤᠨ ᠡᠷᠲᠡᠨ ᠤ ᠦᠶ ᠡ ᠶᠢᠨ ᠭᠦᠨ ᠤᠬᠠᠭᠠᠨᠲᠡᠨ ᠮᠦᠨ ᠭᠡᠵᠦ ᠠᠩᠬᠠᠳᠠᠭᠴᠢ ᠤᠳᠠᠭ᠎ᠠ ᠲᠤᠷᠠᠳᠴᠦ ᠰᠢᠨᠵᠢᠯᠡᠭᠰᠡᠨ ᠨᠢ ᠲᠦᠢᠯ ᠤᠨ ᠤᠨᠤᠪᠴᠢᠲᠠᠢ ᠪᠦᠭᠡᠳ ᠲᠡᠦᠬᠡᠨ ᠦᠨᠳᠦᠰᠦ ᠪᠠᠷᠮᠲᠠ ᠲᠠᠢ ᠶᠣᠮ᠃ |